ᠬᠦᠪᠡᠭᠡ ᠭᠠᠴᠠᠭᠠᠨ  ᠣ ᠲᠤᠪᠴᠢ ᠲᠠᠨᠢᠯᠴᠠᠭᠤᠯᠭ᠎ᠠ

ᠬᠦᠪᠡᠬᠡ ᠬᠡᠳᠡᠭ ᠨᠡᠷ᠎ᠡ  ᠨᠢ ᠠᠭᠤᠯᠠ ᠂ ᠬᠦᠳᠡᠭᠡ ᠂ ᠨᠠᠮᠤᠭ ᠭᠠᠵᠠᠷ ᠵᠡᠷᠭᠡ ᠭᠤᠷᠪᠠᠨ ᠭᠠᠵᠠᠷ  ᠤᠨ ᠬᠦᠪᠡᠭᠡ ᠪᠤᠯᠤᠭᠰᠠᠨ  ᠠᠴᠠ ᠬᠦᠪᠡᠭᠡ ᠬᠡᠵᠦ ᠨᠡᠷᠡᠳᠪᠡ ᠃ 1958 ᠣᠨ ᠳ᠋ᠥ ᠠᠩᠬ᠎ᠠ ᠪᠠᠶᠢᠭᠤᠯᠤᠭᠳᠠᠵᠤ ᠂ 1958 ᠣᠨ  ᠠᠴᠠ 1961 ᠣᠨ ᠪᠤᠯᠳᠠᠯ᠎ᠠ ᠪᠠᠶᠠᠨᠬᠤᠩᠭᠤᠷ ᠰᠣᠮᠣᠨ  ᠣ ᠨᠠᠢᠮᠠᠳᠣᠭᠠᠷ ᠪᠠᠭ ᠪᠠᠶᠢᠵᠦ ᠂ 1962 ᠣᠨ ᠳ᠋ᠥ ᠢᠩᠭᠡᠨ ᠰᠣᠮᠣᠨ ᠳ᠋ᠥ ᠬᠠᠷᠢᠶᠠᠯᠠᠭᠳᠠᠨ ᠂ 1984 ᠣᠨ ᠳ᠋ᠥ ᠬᠦᠪᠡᠭᠡ ᠪᠠᠭ  ᠠᠴᠠ ᠪᠠᠨ ᠭᠠᠴᠠᠭ᠎ᠠ ᠪᠤᠯᠤᠭᠰᠠᠨ ᠪᠠᠶᠢᠨ᠎ᠠ ᠃ ᠪᠦᠬᠦ ᠲᠠᠯᠠᠪᠠᠢ  ᠨᠢ 1872 ᠲᠡᠭᠰᠢ ᠲᠦᠷᠪᠡᠯᠵᠢᠨ ᠺᠢᠯᠦᠮᠸᠲ᠋ᠷ ᠂ 92 ᠡᠷᠦᠬᠡ 295 ᠬᠦᠮᠦᠨ ᠠᠮᠠ  ᠲᠡᠢ ᠂ 312 ᠮᠤᠵᠢ  ᠶᠢᠨ ᠲᠡᠰ  ᠤᠨ ᠵᠠᠰᠠᠮᠠᠯ ᠵᠠᠮ ᠲᠣᠰ ᠭᠠᠴᠠᠭ᠎ᠠ ᠪᠠᠷ ᠦᠩᠭᠡᠷᠡᠵᠦ ᠪᠠᠶᠢᠬᠤ ᠪᠦᠭᠡᠳ ᠭᠠᠴᠠᠭᠠᠨ  ᠣ ᠬᠤᠶᠢᠳᠠ ᠬᠡᠰᠡᠭ ᠳᠡᠭᠡᠨ ᠡᠯᠪᠡᠭ ᠪᠠᠶᠠᠨ ᠪᠠᠶᠢᠭᠠᠯᠯᠢᠭ ᠵᠠᠭ  ᠤᠨ ᠤᠢ ᠂ ᠨᠡᠯᠢᠶᠡᠳ ᠬᠡᠮᠵᠢᠶᠡᠨ  ᠣ ᠪᠤᠷᠵᠢᠨ ᠴᠢᠯᠠᠭᠤᠨ  ᠣ ᠬᠠᠳᠠᠭᠠᠯᠠᠴᠠ  ᠲᠡᠢ ᠪᠠᠶᠢᠵᠦ ᠂ ᠲᠣᠰ ᠭᠠᠴᠠᠭ᠎ᠠ  ᠨᠢ ᠡᠯᠡᠰᠦᠨ ᠠᠵᠤ ᠦᠢᠯᠡᠰ ᠂ ᠬᠠᠴᠢᠨ ᠴᠢᠯᠠᠭᠤ ᠪᠠ ᠲᠡᠮᠡᠭᠡᠨ  ᠣ ᠠᠵᠤ ᠦᠢᠯᠡᠰ  ᠢᠶᠠᠷ ᠭᠤᠤᠯᠯᠠᠨ ᠂ ᠣᠳᠣ ᠪᠤᠯᠬᠤ ᠳ᠋ᠥ ᠬᠦᠪᠡᠭᠡ ᠭᠠᠴᠠᠭ᠎ᠠ  ᠨᠢ ᠨᠢᠭᠡ ᠡᠯᠡᠰᠦᠨ  ᠣ ᠠᠵᠤ ᠦᠢᠯᠡᠰ  ᠤᠨ ᠬᠤᠷᠰᠢᠶᠠᠵᠢᠯ ᠂ ᠨᠢᠭᠡ ᠲᠡᠮᠡᠬᠡᠨ ᠰᠦ᠋  ᠶᠢᠨ ᠠᠵᠤ ᠦᠢᠯᠡᠰ  ᠤᠨ ᠬᠤᠷᠰᠢᠶᠠᠵᠢᠯ  ᠲᠡᠢ ᠃ 2015 ᠣᠨ  ᠣ ᠡᠴᠦᠰ ᠪᠤᠯᠬᠤ ᠳ᠋ᠥ ᠲᠤᠰ ᠭᠠᠴᠠᠭᠠᠨ  ᠣ ᠮᠠᠯ  ᠤᠨ ᠲᠤᠭ᠎ᠠ ᠲᠤᠯᠤᠭᠠᠢ 10040 ᠬᠦᠷᠴᠦ ᠂ ᠡᠭᠦᠨ  ᠣ ᠲᠤᠳᠣᠷ᠎ᠠ ᠲᠡᠮᠡᠬᠡ  ᠨᠢ 764 ᠲᠤᠯᠤᠭᠠᠢ ᠂ ᠢᠮᠠᠭ᠎ᠠ 7810 ᠲᠥᠯᠤᠭᠠᠢ ᠂ ᠬᠤᠨᠢ 1466 ᠲᠤᠯᠤᠭᠠᠢ ᠃ 2015 ᠣᠨ  ᠣ ᠲᠤᠰ ᠭᠠᠴᠠᠭᠠᠨ  ᠣ ᠮᠠᠯᠴᠢᠳ  ᠤᠨ ᠬᠦᠮᠦᠨ ᠪᠦᠷᠢ ᠳ᠋ᠥ ᠲᠡᠭᠰᠢᠳᠭᠡᠭᠰᠡᠨ ᠤᠷᠤᠯᠭ᠎ᠠ  ᠨᠢ 12241 ᠲᠦᠭᠦᠷᠢᠭ ᠲᠣ ᠬᠦᠷᠪᠡ ᠃

ᠬᠠᠷᠢᠭᠤᠯᠲᠠ ᠦᠯᠡᠳᠡᠬᠡᠬᠦ

ᠲᠠᠨ  ᠤ ᠢᠮᠧᠯ  ᠢ ᠨᠡᠶᠢᠲᠡᠯᠡᠬᠦ ᠦᠭᠡᠢ᠃ * ᠪᠠᠶᠢᠭ᠎ᠠ ᠬᠡᠰᠡᠭ ᠪᠣᠯ ᠱᠠᠭᠠᠷᠳᠠᠭᠳᠠᠨ᠎ᠠ᠃

ᠳᠣᠤᠷᠠᠬᠢ HTML ᠱᠣᠱᠢᠭᠠᠪᠣᠯᠤᠨ ᠰᠢᠨᠵᠢ ᠴᠢᠨᠠᠷ  ᠢ ᠬᠡᠷᠡᠭᠯᠡᠵᠦ ᠪᠣᠯᠤᠨ᠎ᠠ <a href="" title=""> <abbr title=""> <acronym title=""> <b> <blockquote cite=""> <cite> <code> <del datetime=""> <em> <i> <q cite=""> <strike> <strong>