ᠢᠩᠭᠡᠨ ᠰᠣᠮᠣᠨ  ᠣ ᠲᠤᠪᠴᠢ ᠲᠠᠨᠢᠯᠴᠠᠭᠤᠯᠭ᠎ᠠ

ᠢᠩᠭᠡᠨ ᠬᠡᠰᠡᠨ ᠨᠡᠷ᠎ᠡ  ᠨᠢ《 ᠢᠩᠭᠡᠨ ᠲᠡᠮᠡᠭᠡ 》 ᠠᠴᠠ ᠢᠷᠡᠯᠳᠡ  ᠲᠡᠢ ᠃ ᠢᠩᠭᠡᠨ ᠰᠣᠮᠣ  ᠨᠢ 1962 ᠣᠨ ᠳ᠋ᠥ ᠠᠩᠬ᠎ᠠ ᠪᠠᠶᠢᠭᠤᠯᠤᠭᠳᠠᠵᠦ ᠂ ᠴᠢᠯᠦᠭᠡᠯᠡᠭᠳᠡᠬᠦ  ᠠᠴᠠ ᠡᠮᠦᠨ᠎ᠡ ᠲᠣᠰ ᠭᠠᠵᠠᠷ  ᠨᠢ ᠲᠦᠬᠦᠮ ᠪᠠᠷᠢᠭᠠᠳᠠ ᠳ᠋ᠥ ᠬᠠᠷᠢᠶᠠᠯᠠᠭᠳᠠᠵᠤ ᠂ ᠴᠢᠯᠦᠭᠡᠯᠡᠭᠳᠡᠭᠰᠡᠨ  ᠣ ᠬᠤᠶᠢᠨ᠎ᠠ ᠬᠤᠩᠭᠤᠷᠦ᠍ᠯᠦᠨ ᠪᠠᠷᠢᠭᠠᠳᠠ ᠳ᠋ᠥ ᠬᠠᠷᠢᠶᠠᠯᠠᠭᠳᠠᠨ ᠂ 1958 ᠣᠨ ᠳ᠋ᠥ ᠪᠠᠶᠠᠨᠬᠤᠩᠭᠤᠷ ᠰᠣᠮᠣᠨ  ᠣ ᠨᠢᠭᠡ ᠭᠠᠴᠠᠭ᠎ᠠ ᠪᠠᠶᠢᠵᠦ ︔ 1962 ᠣᠨ  ᠣ ᠪᠠᠶᠠᠨᠬᠤᠩᠭᠤᠷ ᠰᠣᠮᠣ  ᠶᠢ ᠭᠤᠷᠪᠠᠨ ᠰᠣᠮᠣ ᠪᠤᠯᠭᠠᠨ ᠬᠤᠪᠢᠶᠠᠵᠦ ᠂ ᠡᠬᠦᠨ  ᠣ ᠲᠤᠳᠤᠷ᠎ᠠ ᠨᠢᠭᠡ ᠰᠣᠮᠣ  ᠨᠢ ᠲᠠᠷᠦᠢ ᠢᠩᠭᠡᠨ ᠰᠣᠮᠣ ᠪᠤᠯᠤᠨ᠎ᠠ ᠃ 2006 ᠣᠨ ᠳ᠋ᠥ ᠪᠦᠬᠦ ᠬᠤᠰᠢᠭᠤᠨ  ᠣ ᠰᠣᠮᠣ ᠪᠠᠯᠭᠠᠰᠤᠨ  ᠣ ᠪᠠᠶᠢᠭᠤᠯᠤᠮᠵᠢ  ᠶᠢᠨ ᠦᠭᠡᠷᠡᠴᠢᠯᠡᠯᠳᠡ ᠪᠠᠷ ᠦᠯᠵᠡᠢ ᠰᠣᠮᠣ  ᠲᠡᠢ ᠨᠡᠶᠢᠯᠡᠬᠦᠯᠦᠨ ᠂ 2012 ᠣᠨ ᠳ᠋ᠥ ᠢᠩᠭᠡᠨ ᠰᠣᠮᠣ  ᠶᠢ ᠲᠠᠬᠢᠨ ᠰᠡᠷᠭᠦᠭᠡᠪᠡ ᠃ ᠢᠩᠭᠡᠨ ᠰᠣᠮᠣ  ᠨᠢ ᠠᠯᠠᠱᠠ ᠵᠡᠬᠦᠨ ᠬᠤᠰᠢᠭᠤᠨ  ᠣ ᠬᠤᠶᠢᠲᠣ ᠪᠡᠶ᠎ᠡ ᠳ᠋ᠥ ᠪᠠᠶᠢᠷᠢᠯᠡᠵᠦ ᠂ ᠵᠡᠬᠦᠨ ᠲᠠᠯ᠎ᠠ ᠪᠠᠷ ᠪᠠᠶᠠᠨᠨᠠᠭᠤᠷ ᠠᠶᠢᠮᠠᠭ  ᠲᠡᠢ ᠵᠠᠬ᠎ᠠ ᠨᠡᠶᠢᠯᠡᠵᠦ ᠂ ᠡᠮᠦᠨ᠎ᠡ ᠲᠠᠯ᠎ᠠ ᠪᠠᠷ ᠵᠢᠷᠡᠲᠡᠢ ᠪᠠᠯᠭᠠᠰᠣ ᠂ ᠪᠠᠷᠠᠭᠤᠨ ᠲᠠᠯ᠎ᠠ ᠪᠠᠷ ᠦᠯᠵᠡᠢ ᠰᠣᠮᠣ  ᠲᠡᠢ ᠵᠠᠬ᠎ᠠ ᠨᠡᠶᠢᠯᠡᠵᠦ ᠂ ᠬᠤᠶᠢᠨ᠎ᠡ ᠲᠠᠯ᠎ᠠ ᠪᠠᠷ  ᠢᠶᠠᠨ ᠮᠤᠩᠭᠤᠯ ᠣᠯᠣᠰ  ᠤᠨ ᠡᠮᠦᠨ᠎ᠡ ᠭᠤᠪᠢ ᠠᠶᠢᠮᠠᠭ  ᠲᠡᠢ ᠬᠢᠯᠢ ᠵᠠᠯᠭᠠᠵᠦ ᠂ ᠬᠢᠯᠢ  ᠶᠢᠨ ᠱᠤᠭᠤᠮ  ᠨᠢ 103.129 ᠺᠢᠯᠦᠮᠸᠲ᠋ᠷ ᠂ ᠪᠦᠬᠦ ᠰᠣᠮᠣᠨ  ᠣ ᠲᠠᠯᠠᠪᠡᠢ  ᠨᠢ 6573 ᠲᠡᠭᠰᠢ ᠲᠥᠷᠪᠡᠯᠵᠢᠨ ᠺᠢᠯᠦᠮᠸᠲ᠋ᠷ ᠂ ᠠᠰᠢᠭᠯᠠᠵᠦ ᠪᠠᠶᠢᠭ᠎ᠠ ᠨᠤᠳᠤᠭ ᠪᠡᠯᠴᠢᠭᠡᠷ  ᠤᠨ ᠲᠠᠯᠠᠪᠡᠢ  ᠨᠢ 673 ᠲᠥᠮᠡᠨ ᠮᠤ ᠃ ᠢᠩᠭᠡᠨ ᠰᠣᠮᠣᠨ  ᠣ ᠪᠠᠶᠢᠭᠠᠯᠢ  ᠶᠢᠨ ᠣᠷᠴᠢᠨ ᠲᠤᠭᠤᠷᠢᠨ ᠬᠠᠳᠠᠭᠤ ᠰᠢᠷᠦᠬᠦᠨ ᠂ ᠭᠠᠩ ᠬᠠᠭᠰᠠᠷᠭᠠᠨ ᠶᠡᠬᠡ ᠂ ᠬᠤᠷ᠎ᠠ ᠪᠤᠷᠤᠭᠠᠨ ᠴᠦᠬᠡᠨ ᠂ ᠬᠢᠯᠢ  ᠶᠢᠨ ᠲᠤᠳᠣᠷ᠎ᠠ ᠡᠯᠡᠰᠦ ᠮᠠᠩᠬ᠎ᠠ ᠂ ᠨᠠᠭᠤᠷ ᠂ ᠪᠤᠭᠤᠨᠢ ᠠᠭᠤᠯᠠ ᠂ ᠲᠤᠪᠤᠴᠠᠭ ᠂ ᠭᠤᠪᠢ ᠵᠡᠷᠭᠡ ᠪᠠᠷ ᠪᠦᠷᠢᠯᠳᠦᠪᠡ ᠃ ᠬᠠᠴᠢᠨ ᠴᠢᠯᠠᠭᠤᠨ  ᠣ ᠡᠬᠢ ᠪᠠᠶᠠᠯᠢᠭ ᠡᠯᠪᠡᠭ ᠂ ᠠᠯᠠᠱᠠ  ᠶᠢᠨ ᠮᠠᠨᠠ ᠴᠢᠯᠠᠭᠤ ᠂ ᠭᠤᠪᠢ  ᠶᠢᠨ ᠴᠢᠯᠠᠭᠤ ᠂ ᠦᠩᠭᠡᠳᠦ ᠬᠠᠰ  ᠤᠨ ᠭᠤᠤᠯ ᠭᠠᠷᠣᠯᠳᠠ  ᠶᠢᠨ ᠤᠷᠤᠨ ᠪᠤᠯᠤᠨ᠎ᠠ ᠃ ᠠᠭᠤᠷᠬᠠᠢ  ᠶᠢᠨ ᠡᠬᠢ ᠪᠠᠶᠠᠯᠢᠭ  ᠨᠢ ᠠᠯᠳᠠ ᠂ ᠵᠡᠰ ᠂ ᠪᠤᠷᠵᠢᠨ ᠴᠢᠯᠠᠭᠤ ᠵᠡᠷᠭᠡ ᠪᠠᠷ ᠭᠤᠤᠯᠯᠠᠵᠤ ᠂ ᠤᠷᠭᠤᠮᠠᠯ  ᠤᠨ ᠡᠬᠢ ᠪᠠᠶᠠᠯᠢᠭ  ᠨᠢ ᠴᠠᠭᠠᠨ ᠭᠤᠶᠤᠤ ᠂ ᠵᠠᠭ ᠂ ᠪᠦᠭᠡᠷᠡᠭ ᠵᠷᠬᠡ ᠪᠠᠷ ᠭᠤᠤᠯᠯᠠᠨ᠎ᠠ ᠃ ᠢᠩᠭᠡᠨ ᠰᠣᠮᠣ  ᠨᠢ ᠨᠡᠶᠢᠳᠡ 294 ᠡᠷᠦᠬᠡ 844 ᠬᠦᠮᠦᠨ ᠠᠮᠠ  ᠲᠡᠢ ᠂ ᠮᠤᠩᠭᠤᠯ ᠦᠨᠳᠦᠰᠦᠳᠡᠨ  ᠨᠢ 797 ᠬᠦᠮᠦᠨ ᠂ ᠪᠦᠬᠦ ᠬᠦᠮᠦᠨ ᠠᠮᠠ  ᠶᠢᠨ 85% ᠡᠵᠡᠯᠡᠵᠦ ᠂ ᠬᠢᠯᠢ ᠲᠠᠭᠤ ᠰᠠᠭᠤᠵᠦ ᠪᠠᠶᠢᠭ᠎ᠠ 11 ᠡᠷᠦᠬᠡ 49 ᠬᠦᠮᠦᠨ  ᠲᠡᠢ ᠃ ᠰᠣᠮᠣᠨ  ᠣ ᠨᠠᠮ  ᠤᠨ ᠬᠤᠷᠢᠶ᠎ᠠ  ᠨᠢ ᠲᠦᠷᠪᠡᠨ ᠨᠠᠮ  ᠤᠨ ᠡᠬᠦᠷ  ᠢᠶᠠᠷ ᠪᠦᠷᠢᠯᠳᠡᠵᠦ ᠂ ᠨᠡᠶᠢᠳᠡ 81 ᠨᠠᠮ  ᠤᠨ ᠬᠡᠰᠢᠬᠦᠨ  ᠲᠡᠢ ︵ ᠡᠬᠦᠨ ᠳ᠋ᠥ ᠰᠣᠮᠣᠨ  ᠣ ᠪᠠᠶᠢᠭᠤᠯᠭ᠎ᠠ  ᠶᠢᠨ ᠨᠠᠮ  ᠤᠨ ᠡᠭᠦᠷ 22 ᠨᠠᠮ  ᠤᠨ ᠬᠡᠰᠢᠬᠦᠨ ᠂ ᠲᠠᠯᠠᠨᠳᠦ᠍ᠷᠦᠬᠦᠦ ᠭᠠᠴᠠᠭᠠᠨ  ᠣ ᠨᠠᠮ  ᠤᠨ ᠡᠭᠦᠷ 16 ᠨᠠᠮ  ᠤᠨ ᠬᠡᠰᠢᠬᠦᠨ ᠂ ᠴᠠᠭᠠᠨᠵᠠᠳᠠᠭᠠᠢ ᠭᠠᠴᠠᠭᠠᠨ  ᠣ ᠨᠠᠮ  ᠤᠨ ᠡᠭᠦᠷ 23 ᠨᠠᠮ  ᠤᠨ ᠬᠡᠰᠢᠬᠦᠨ ᠂ ᠬᠦᠪᠡᠬᠡ ᠭᠠᠴᠠᠭᠠᠨ  ᠣ ᠨᠠᠮ  ᠤᠨ ᠡᠭᠦᠷ 20 ᠨᠠᠮ  ᠤᠨ ᠬᠡᠰᠢᠬᠦᠨ  ᠲᠡᠢ ︶ ᠂ ᠡᠭᠦᠨ  ᠣ ᠲᠣᠳᠣᠷ᠎ᠠ ᠮᠤᠩᠭᠤᠯ ᠨᠠᠮ  ᠤᠨ ᠬᠡᠰᠢᠬᠦᠨ 79 ᠬᠦᠮᠦᠨ ᠂ ᠮᠠᠯᠴᠢᠨ ᠨᠠᠮ  ᠤᠨ ᠬᠡᠰᠢᠬᠦᠨ 58 ᠬᠦᠮᠦᠨ ᠃ ᠢᠩᠭᠡᠨ ᠰᠣᠮᠤ  ᠨᠢ ᠴᠤᠯ ᠮᠠᠯᠵᠢᠬᠤ ᠰᠣᠮᠤ ᠂ 2015 ᠣᠨ  ᠣ ᠵᠢᠯ  ᠤᠨ ᠡᠴᠦᠰ ᠮᠠᠯ  ᠤᠨ ᠲᠤᠭ᠎ᠠ ᠲᠤᠯᠤᠭᠠᠢ 39964 ᠳ᠋ᠥ ᠬᠦᠷᠴᠦ ᠂ ᠡᠬᠦᠨ  ᠣ ᠲᠤᠳᠤᠷ᠎ᠠ ᠲᠡᠮᠡᠬᠡ  ᠨᠢ 3372 ᠲᠤᠯᠤᠭᠠᠢ  ᠶᠢ ᠡᠵᠡᠯᠡᠨ᠎ᠡ ᠃ 2015 ᠣᠨ  ᠣ ᠡᠳ᠋  ᠶᠢᠨ ᠵᠠᠰᠠᠭ  ᠤᠨ ᠣᠷᠣᠯᠭ᠎ᠠ  ᠨᠢ 586 ᠲᠥᠮᠡᠨ ᠲᠥᠬᠦᠷᠢᠭ ᠳ᠋ᠥ ᠬᠦᠷᠴᠦ ᠂ ᠮᠠᠯᠴᠢᠳ  ᠤᠨ ᠬᠦᠮᠦᠨ ᠪᠦᠷᠢ  ᠶᠢᠨ ᠲᠡᠭᠰᠢᠳᠬᠡᠭᠰᠡᠨ ᠴᠡᠪᠡᠷ ᠤᠷᠤᠯᠭ᠎ᠠ  ᠨᠢ 13098 ᠲᠦᠭᠦᠷᠢᠭ ᠳ᠋ᠥ ᠬᠦᠷᠦᠭᠰᠡᠨ ᠪᠠᠶᠢᠨ᠎ᠠ ᠃

One thought on “ᠢᠩᠭᠡᠨ ᠰᠣᠮᠣᠨ  ᠣ ᠲᠤᠪᠴᠢ ᠲᠠᠨᠢᠯᠴᠠᠭᠤᠯᠭ᠎ᠠ”

ᠬᠠᠷᠢᠭᠤᠯᠲᠠ ᠦᠯᠡᠳᠡᠬᠡᠬᠦ

ᠲᠠᠨ  ᠤ ᠢᠮᠧᠯ  ᠢ ᠨᠡᠶᠢᠲᠡᠯᠡᠬᠦ ᠦᠭᠡᠢ᠃ * ᠪᠠᠶᠢᠭ᠎ᠠ ᠬᠡᠰᠡᠭ ᠪᠣᠯ ᠱᠠᠭᠠᠷᠳᠠᠭᠳᠠᠨ᠎ᠠ᠃

ᠳᠣᠤᠷᠠᠬᠢ HTML ᠱᠣᠱᠢᠭᠠᠪᠣᠯᠤᠨ ᠰᠢᠨᠵᠢ ᠴᠢᠨᠠᠷ  ᠢ ᠬᠡᠷᠡᠭᠯᠡᠵᠦ ᠪᠣᠯᠤᠨ᠎ᠠ <a href="" title=""> <abbr title=""> <acronym title=""> <b> <blockquote cite=""> <cite> <code> <del datetime=""> <em> <i> <q cite=""> <strike> <strong>