ᠠᠯᠠᠱᠠ ᠵᠡᠭᠦᠨ ᠬᠤᠰᠢᠭᠤ ᠥᠪᠦᠷ ᠮᠣᠩᠭᠤᠯ ᠣᠨ ᠥᠪᠡᠷᠳᠡᠭᠡᠨ ᠵᠠᠰᠠᠬᠤ ᠣᠷᠤᠨ ᠣ ᠬᠠᠮᠤᠭ ᠪᠠᠷᠠᠭᠤᠨ ᠲᠠᠯ᠎ᠠ ᠳᠤ ᠪᠠᠶᠢᠷᠢᠯᠠᠵᠤ ᠂ ᠵᠡᠭᠦᠨᠰᠢ ᠪᠠᠨ ᠨᠢᠩᠰᠢᠶᠨ ᠲᠠᠢ ᠵᠠᠯᠭᠠᠯᠳᠤᠵᠤ ᠂ ᠪᠠᠷᠠᠭᠤᠨ ᠡᠮᠦᠨᠡᠰᠢ ᠪᠠᠨ ᠭᠠᠨᠰᠤ ᠲᠠᠢ ᠨᠢᠭᠤᠷᠯᠠᠨ ᠂ ᠬᠣᠶᠢᠳᠤ ᠲᠠᠯ᠎ᠠ ᠪᠠᠷ ᠢᠶᠠᠨ ᠮᠣᠩᠭᠤᠯ ᠤᠯᠤᠰ ᠲᠠᠢ ᠬᠢᠯᠢ ᠨᠡᠶᠢᠯᠡᠵᠤ ᠂ ᠬᠢᠯᠢ ᠶᠢᠨ ᠱᠤᠭᠤᠮ ᠣᠨ ᠪᠦᠬᠦ ᠤᠷᠳᠤ ᠨᠢ 188.68 ᠺᠢᠯᠣᠮᠸᠲ᠋ᠷ ᠪᠠᠶᠢᠳᠠᠭ ᠃ ᠪᠥᠬᠦ ᠬᠤᠰᠢᠭᠤ ᠨᠢ ᠮᠤᠩᠭᠤᠯ ᠂ ᠬᠢᠳᠠᠳ ᠂ ᠬᠣᠳᠤᠩ ᠂ ᠮᠠᠨᠵᠤ ᠂ ᠰᠣᠯᠤᠩᠭᠣᠰ ᠵᠡᠷᠭᠡ 23 ᠦᠨᠳᠦᠰᠦᠳᠡᠨ ᠲᠠᠢ ᠪᠠᠶᠢᠵᠤ ᠂ ᠴᠦᠭᠡᠨ ᠲᠣᠭᠠᠳᠤ ᠦᠨᠳᠦᠰᠦᠳᠡᠨ ᠣ ᠬᠦᠮᠦᠨ ᠠᠮᠨ ᠨᠢ 28.3% ᠢ ᠡᠵᠡᠯᠡᠵᠤ ᠂ ᠮᠣᠩᠭᠣᠯ ᠦᠨᠳᠦᠰᠦᠳᠡᠨ ᠢᠶᠠᠷ ᠭᠣᠯᠯᠠᠨ ᠂ ᠬᠢᠳᠠᠳ ᠦᠨᠳᠦᠰᠦᠳᠡᠨ ᠣᠯᠠᠩᠬᠢ ᠲᠣᠭ᠎ᠠ ᠶᠢ ᠡᠵᠡᠯᠡᠭᠰᠡᠨ ᠴᠦᠭᠡᠨ ᠲᠣᠭᠠᠳᠤ ᠦᠨᠳᠦᠰᠦᠳᠡᠨ ᠣ ᠲᠦᠪᠯᠡᠷᠡᠨ ᠰᠠᠭᠤᠷᠢᠰᠢᠭᠰᠠᠨ ᠣᠷᠤᠨ ᠪᠣᠯᠬᠤ ᠶᠤᠮ ᠃ ᠪᠠᠶᠢᠭᠠᠯᠢ ᠶᠢᠨ ᠭᠣᠣᠯ ᠣᠨᠴᠠᠯᠢᠭ ᠨᠢ ᠄ ᠨᠤᠳᠤᠭ ᠲᠡᠪᠢᠰᠭᠡᠷ ᠦᠷᠭᠡᠨ ᠠᠭᠤᠳᠠᠮ ᠂ ᠬᠦᠮᠦᠨ ᠠᠮᠨ ᠴᠥᠭᠡᠨ ᠃ ᠪᠦᠬᠦ ᠬᠤᠰᠢᠭᠤᠨ ᠣ ᠭᠠᠵᠠᠷ ᠣᠨ ᠪᠠᠶᠢᠴᠠ ᠨᠢ ᠵᠡᠭᠦᠨ ᠡᠮᠦᠨ᠎ᠡ ᠲᠠᠯ᠎ᠠ ᠪᠠᠷ ᠢᠶᠠᠨ ᠥᠨᠳᠦᠷ ᠂ ᠪᠠᠷᠠᠭᠤᠨ ᠬᠣᠶᠢᠳᠤ ᠲᠠᠯ᠎ᠠ ᠪᠠᠷ ᠢᠶᠠᠨ ᠲᠣᠣᠷ᠎ᠠ ᠪᠠᠶᠢᠵᠤ ᠂ ᠡᠮᠦᠨ᠎ᠡ ᠤᠮᠠᠷᠠᠰᠢ ᠪᠠᠨ 495 ᠺᠢᠯᠣᠮᠸᠲ᠋ᠷ ᠤᠷᠳᠤ ᠪᠠᠶᠢᠵᠤ ᠂ ᠵᠡᠭᠦᠨᠰᠢ ᠪᠠᠷᠠᠭᠤᠨᠰᠢ ᠪᠠᠨ214 ᠺᠢᠯᠣᠮᠸᠲ᠋ᠷ ᠦᠷᠭᠡᠨ ᠪᠠᠶᠢᠳᠠᠭ ᠃ ᠨᠤᠳᠤᠭ ᠲᠡᠪᠢᠰᠭᠡᠷ ᠣᠨ ᠶᠡᠷᠤᠩᠬᠡᠢ ᠲᠠᠯᠠᠪᠠᠢ ᠨᠢ 80412 ᠲᠡᠭᠰᠢ ᠲᠥᠷᠪᠡᠯᠵᠢᠨ ᠺᠢᠯᠣᠮᠸᠲ᠋ᠷ ᠪᠠᠶᠢᠵᠤ ᠂ ᠪᠠᠷᠤᠭ ᠪᠥᠬᠦ ᠤᠷᠤᠨ ᠣ ᠨᠤᠳᠤᠭ ᠲᠡᠪᠢᠰᠭᠡᠷ ᠣᠨ ᠶᠡᠷᠦᠩᠬᠡᠢ ᠲᠠᠯᠠᠪᠠᠢ ᠶᠢᠨ ᠠᠷᠪᠠᠨ ᠲᠠᠪᠤᠨ ᠣ ᠨᠢᠭᠡ ᠬᠤᠪᠢ ᠶᠢ ᠡᠵᠡᠯᠡᠨ᠎ᠡ ᠃ ᠨᠡᠶᠢᠳᠡ 15 ᠲᠦᠮᠡᠨ ᠬᠦᠮᠤᠨ ᠠᠮᠨ ᠲᠠᠢ ᠂ ᠡᠭᠦᠨ ᠳᠤ ᠬᠣᠳᠠ ᠪᠠᠯᠭᠠᠰᠤᠨ ᠣ ᠬᠦᠮᠤᠨ ᠠᠮᠨ ᠨᠢ ᠪᠠᠷᠤᠭ 10 ᠲᠦᠮᠨ ᠪᠠᠶᠢᠵᠤ ᠂ ᠪᠠᠷᠤᠭ 5 ᠲᠦᠮᠨ ᠣᠷᠴᠢᠮ ᠮᠠᠯᠴᠢᠨ ᠲᠠᠷᠢᠶᠠᠴᠢᠨ ᠨᠢ ᠭᠣᠪᠢ ᠪᠤᠶᠤ ᠡᠯᠡᠰᠤ ᠮᠠᠩᠬᠠᠨ ᠳᠤ ᠠᠮᠢᠳᠤᠷᠠᠨ ᠰᠠᠭᠤᠷᠢᠰᠢᠵᠤ ᠪᠠᠶᠢᠳᠠᠭ ᠃ ᠦᠨᠢ ᠤᠳᠠᠭᠠᠨ ᠲᠡᠤᠬᠡ ᠪᠠ ᠪᠣᠯᠪᠠᠰᠤᠨ ᠰᠣᠶᠣᠯ ᠲᠠᠢ ᠃ 1697 ᠣᠨ ᠳᠤ ᠠᠯᠠᠱᠠ ᠬᠤᠱᠤᠳ ᠬᠤᠰᠢᠭᠤ ᠨᠢ ᠵᠢᠩᠬᠢᠨᠢ ᠪᠠᠷ ᠪᠠᠶᠢᠭᠤᠯᠤᠭᠳᠠᠵᠤ ᠂ ᠤᠳᠤ ᠪᠣᠯᠳᠠᠯ᠎ᠠ 300 ᠭᠠᠷᠤᠢ ᠵᠢᠯ ᠣᠨ ᠲᠡᠤᠬᠡ ᠲᠠᠢ ᠪᠣᠯᠵᠡᠢ ᠃ ᠤᠯᠤᠰ ᠪᠠᠶᠢᠭᠤᠯᠤᠭᠳᠠᠭᠰᠠᠨ ᠣ ᠲᠠᠷᠠᠭ᠎ᠠ ᠤᠷᠢᠳ ᠬᠣᠵᠢᠳ ᠨᠢᠩᠰᠢᠶᠨ ᠂ ᠭᠠᠨᠰᠤ ᠂ ᠥᠪᠦᠷ ᠮᠣᠩᠭᠤᠯ ᠳᠤ ᠬᠠᠷᠢᠶᠠᠯᠠᠭᠳᠠᠵᠤ ᠪᠠᠶᠢᠵᠡᠢ ᠃ 1961 ᠣᠨ ᠳᠤ ᠨᠡᠷ᠎ᠡ ᠪᠠᠨ ᠥᠭᠡᠷᠴᠢᠯᠡᠨ ᠠᠯᠠᠱᠠ ᠵᠡᠭᠦᠨ ᠬᠤᠰᠢᠭᠤ ᠭᠡᠵᠤ ᠨᠡᠷᠡᠶᠢᠳᠴᠡᠢ ᠃ ᠦᠨᠢ ᠤᠳᠠᠭᠠᠨ ᠲᠡᠤᠬᠡᠨ ᠶᠠᠪᠤᠴᠠ ᠪᠠ ᠪᠣᠯᠪᠠᠰᠤᠨ ᠰᠣᠶᠤᠯ ᠨᠢ ︽ ᠪᠥᠬᠦ ᠲᠠᠯ᠎ᠠ ᠶᠢ ᠬᠠᠷᠠᠭᠠᠯᠵᠠᠨ ᠂ ᠭᠤᠶᠠᠴᠢ ᠦᠭᠡᠢ ᠵᠢᠳᠭᠦᠵᠤ ᠂ ᠰᠢᠨᠳᠠᠷᠠᠰᠢ ᠦᠭᠡᠢ ᠴᠢᠷᠮᠠᠶᠢᠨ ᠂ ᠴᠦᠬᠦᠷᠡᠰᠢ ᠦᠭᠡᠢ ᠲᠡᠮᠡᠴᠡᠬᠦ ︾ ᠠᠯᠠᠱᠠ ᠶᠢᠨ ᠵᠣᠷᠢᠭ ᠰᠠᠨᠠᠭ᠎ᠠ ᠶᠢ ᠪᠤᠢ ᠪᠣᠯᠭᠠᠵᠡᠢ ᠃ ᠡᠨᠳᠡ ᠲᠡᠯᠡᠬᠡᠢ ᠶᠢᠨ ᠮᠣᠩᠭᠤᠯ ᠦᠨᠳᠦᠰᠦᠳᠡᠨ ᠣ ᠤᠯᠠᠮᠵᠢᠯᠠᠯᠳᠤ ᠵᠠᠩ ᠵᠠᠩᠰᠢᠯ ᠢ ᠬᠠᠮᠤᠭ ᠪᠦᠷᠢᠨ ᠪᠦᠳᠤᠨ ᠬᠠᠳᠠᠭᠠᠯᠠᠵᠤ ᠪᠠᠶᠢᠳᠠᠭ ᠃ ᠡᠬᠢ ᠪᠠᠶᠠᠯᠢᠭ ᠡᠯᠪᠡᠭ ᠲᠡᠯᠪᠡᠭ ᠂ ᠥᠩᠭᠡ ᠦᠵᠡᠮᠵᠢ ᠭᠤᠶᠢᠳᠠ ᠰᠠᠶᠢᠬᠠᠨ ᠃ ᠨᠢᠭᠡᠨᠳᠡ ᠬᠠᠶᠢᠨ ᠰᠢᠨᠵᠢᠯᠡᠨ ᠢᠯᠠᠷᠡᠭᠦᠯᠦᠭᠰᠡᠨ ᠠᠭᠤᠷᠬᠠᠢ ᠶᠢᠨ ᠲᠥᠷᠦᠯ ᠵᠦᠢᠯ 60 ᠪᠠᠶᠢᠵᠤ ᠂ ᠠᠭᠤᠷᠬᠠᠢ ᠶᠢᠨ ᠣᠷᠤᠨ 310 ᠪᠠᠶᠢᠵᠤ ᠂ ᠨᠡᠭᠦᠷᠡᠰᠤ ᠂ ᠲᠠᠪᠤᠰᠤ ᠂ ᠱᠠᠤ ᠂ ᠴᠣᠬᠤᠢ ᠶᠢᠨ ᠴᠢᠯᠠᠭᠤ ᠂ ᠲᠡᠮᠦᠷ ᠂ ᠵᠡᠰ ᠂ ᠠᠯᠳᠠ ᠂ ᠭᠠᠨᠳᠢᠭ ᠴᠢᠯᠠᠭᠤ ᠂ ᠬᠥᠪᠰᠦᠭᠡᠷ ᠰᠢᠷᠣᠢ ᠂ ᠪᠣᠷᠵᠢᠨ ᠴᠢᠯᠠᠭᠤ ᠵᠡᠷᠭᠡ ᠨᠢ ᠬᠠᠳᠠᠭᠠᠯᠠᠭᠳᠠᠴᠠ ᠪᠠᠷ ᠲᠤᠩ ᠡᠯᠪᠡᠭ ᠪᠠᠶᠢᠳᠠᠭ ᠃ ᠪᠥᠬᠦ ᠬᠤᠰᠢᠭᠤ ᠨᠢ 6900 ᠲᠦᠮᠡᠨ ᠮᠤ ᠨᠤᠳᠤᠭ ᠪᠡᠯᠴᠢᠭᠡᠷ ᠂ 120 ᠲᠦᠮᠡᠨ ᠮᠤ ᠣᠢ ᠰᠢᠭᠤᠢ ᠪᠠ 30 ᠲᠦᠮᠡᠨ ᠮᠤ ᠲᠠᠷᠢᠶᠠᠨ ᠭᠠᠵᠠᠷ ᠲᠠᠢ ᠪᠠᠶᠢᠵᠤ ᠂ ᠠᠯᠠᠱᠠ ᠠᠭᠤᠯᠨ ᠶᠢᠨ ᠤᠯᠤᠰ ᠣᠨ ᠲᠡᠰ ᠣᠨ ᠪᠠᠶᠢᠭᠠᠯᠢ ᠶᠢᠨ ᠬᠠᠮᠠᠭᠠᠯᠠᠯᠳᠠ ᠶᠢᠨ ᠣᠢ ᠨᠢ ᠪᠠᠷᠠᠭᠤᠨ ᠬᠣᠶᠢᠳᠤ ᠣᠷᠤᠨ ᠣ ᠪᠠᠶᠢᠭᠠᠯᠢ ᠶᠢᠨ ᠠᠮᠢ ᠠᠬᠤᠢ ᠶᠢᠨ ᠬᠠᠯᠬᠠᠪᠴᠢ ᠪᠣᠯᠪᠠ ᠃ ᠠᠯᠠᠱᠠ ᠶᠢᠨ ᠬᠣᠣᠰ ᠪᠥᠬᠡᠳᠤ ᠲᠡᠮᠡᠭᠡ ᠪᠠ ᠨᠣᠯᠤᠤᠷ ᠣᠨ ᠴᠠᠭᠠᠨ ᠢᠮᠠᠭ᠎ᠠ ᠪᠤᠯ ᠲᠤᠰ ᠭᠠᠵᠠᠷ ᠣᠨ ᠬᠣᠶᠠᠷ ᠶᠡᠬᠡ ᠲᠠᠪᠠᠭᠤᠯᠢᠭ ᠲᠠᠢ ᠰᠠᠶᠢᠨᠡᠭᠦᠯᠳᠡᠷ ᠣᠨ ᠲᠥᠷᠤᠯ ᠵᠦᠢᠯ ᠪᠣᠯᠤᠨ᠎ᠠ ᠃ ᠮᠠᠨ ᠣ ᠬᠤᠰᠢᠭᠤᠨ ᠳᠤ ᠪᠠᠰᠠ ᠴᠠᠭᠠᠨ ᠭᠣᠶᠣᠣ ᠂ ᠤᠯᠠᠭᠠᠨ ᠭᠣᠶᠣᠣ ᠂ ᠰᠢᠬᠡᠷ ᠪᠤᠶᠨ ᠵᠡᠷᠭᠡ ᠡᠮ ᠣᠨ ᠮᠠᠲ᠋ᠸᠷᠢᠶᠠᠯ ᠪᠠ ᠴᠠᠭᠠᠨ ᠢᠷᠪᠡᠰ ᠂ ᠠᠷᠭᠠᠯ ᠂ ᠬᠤᠯᠠᠨ ᠂ ᠪᠤᠭᠤ ᠵᠡᠷᠭᠡ ᠬᠡᠭᠡᠷ᠎ᠡ ᠶᠢᠨ ᠠᠮᠢᠳᠠᠨ ᠲᠠᠢ ᠃ ᠡᠭᠦᠨ ᠠᠴᠠ ᠭᠠᠳᠠᠨ᠎ᠠ ᠪᠠᠰᠠ ᠪᠠᠷᠠᠭᠤᠨ ᠬᠡᠶᠢᠳ ᠂ ᠪᠤᠶᠠᠨ ᠢ ᠠᠷᠪᠢᠳᠬᠠᠭᠴᠢ ᠰᠦᠮ᠎ᠡ ᠵᠡᠷᠭᠡ ᠲᠥᠪᠡᠳ ᠣᠨ ᠤᠯᠠᠮᠵᠢᠯᠠᠯᠳᠤ ᠱᠠᠰᠢᠨ ᠣ ᠥᠩᠭᠡ ᠪᠤᠳᠤᠭ ᠲᠠᠢ ᠨᠠᠢᠮᠠᠨ ᠶᠡᠬᠡ ᠰᠦᠮ᠎ᠡ ᠪᠠ ᠠᠯᠠᠱᠠ ᠠᠭᠤᠯᠨ ᠶᠢᠨ ᠣᠢ ᠰᠢᠭᠤᠢ ᠪᠠᠷ ᠭᠣᠣᠯ ᠪᠣᠯᠭᠠᠭᠰᠠᠨ ᠪᠠᠶᠢᠭᠠᠯᠢ ᠶᠢᠨ ᠦᠵᠡᠮᠵᠢ ᠪᠠ ᠡᠯᠡᠰᠤ ᠮᠠᠩᠬᠠᠨ ᠣ ᠨᠠᠭᠤᠷ ᠢᠶᠠᠷ ᠭᠣᠣᠯ ᠪᠣᠯᠭᠠᠭᠰᠠᠨ ᠡᠯᠡᠰᠤ ᠮᠠᠩᠬᠠᠨ ᠣ ᠦᠵᠡᠮᠵᠢ ᠪᠠᠶᠢᠳᠠᠭ ᠃ ᠠᠭᠤᠷ ᠠᠮᠢᠰᠬᠤᠯ ᠭᠠᠩ ᠬᠠᠭᠤᠷᠠᠢ ᠂ ᠠᠮᠢ ᠠᠬᠤᠢ ᠲᠣᠷᠤᠢ ᠪᠠᠭᠤᠷᠠᠢ ᠃ ᠮᠠᠨ ᠣ ᠬᠤᠰᠢᠭᠤ ᠨᠢ ᠵᠢᠯ ᠳᠡᠭᠡᠨ ᠭᠠᠩ ᠬᠠᠭᠤᠷᠠᠢ ᠬᠤᠷ᠎ᠠ ᠪᠣᠷᠤᠭᠠᠨ ᠴᠥᠭᠡᠨ ᠂ ᠨᠠᠷᠠᠨ ᠣ ᠲᠤᠰᠤᠯᠳᠠ ᠡᠯᠪᠡᠭ ᠂ ᠠᠭᠤᠷᠰᠢᠯᠳᠠ ᠪᠠᠷ ᠲᠦᠷᠭᠡᠨ ᠪᠠᠶᠢᠵᠤ ᠂ ᠨᠡᠶᠢᠳᠡᠯᠢᠭ ᠡᠬᠢ ᠬᠠᠭᠤᠷᠠᠢ ᠶᠢᠨ ᠠᠭᠤᠷ ᠠᠮᠢᠰᠬᠤᠯ ᠲᠠᠢ ᠃ ᠵᠡᠭᠦᠨ ᠲᠠᠯ᠎ᠠ ᠪᠠᠷ ᠬᠠᠳᠤᠨ ᠭᠣᠣᠯ ᠤᠷᠤᠰᠴᠤ ᠂ ᠲᠡᠭᠷᠢ ᠡᠯᠡᠰᠤ ᠪᠠ ᠤᠯᠠᠭᠠᠨᠪᠤᠬ᠎ᠠ ᠭᠡᠬᠦ ᠬᠣᠶᠠᠷ ᠶᠡᠬᠡ ᠡᠯᠡᠰᠤ ᠬᠥᠨᠳᠡᠯᠡᠨ ᠲᠤᠭᠤᠯᠠᠵᠤ ᠂ ᠦᠷᠭᠦᠯᠵᠢ ᠡᠯᠡᠰᠤᠨ ᠰᠢᠭᠤᠷᠭ᠎ᠠ ᠲᠡᠭᠳᠡᠵᠤ ᠪᠠᠶᠢᠳᠠᠭ ᠂ ᠭᠡᠪᠡᠴᠤ ᠠᠭᠤᠷ ᠠᠮᠢᠰᠬᠤᠯ ᠨᠢ ᠲᠤᠩᠭᠠᠯᠠᠭ ᠂ ᠤᠰᠤᠨ ᠣ ᠰᠣᠷᠪᠤᠯᠵᠢ ᠨᠢ ᠴᠡᠪᠡᠷ ᠂ ᠬᠥᠷᠤᠰᠤ ᠰᠢᠷᠤᠢ ᠨᠢ ᠪᠣᠬᠢᠷᠳᠤᠯ ᠦᠭᠡᠢ ᠂ ᠰᠠᠯᠬᠢᠨ ᠣ ᠡᠨᠸᠷᠬᠢ ᠭᠦᠢᠴᠡᠳ ᠪᠠᠶᠢᠵᠤ ᠂ ᠡᠨᠸᠷᠬᠢ ᠶᠢᠨ ᠠᠵᠤ ᠤᠶᠢᠯᠡᠰ ᠢ ᠬᠦᠭᠵᠢᠭᠦᠯᠬᠦ ᠭᠣᠣᠯ ᠤᠷᠦᠨ ᠪᠣᠯᠵᠡᠢ ᠃
ᠪᠦᠬᠦ ᠤᠷᠤᠨ ᠣ ᠬᠤᠰᠢᠭᠤ ᠵᠠᠰᠠᠭ ᠪᠦᠷ ᠮᠤᠩᠭᠤᠯ ᠰᠦᠯᠵᠢᠶ᠎ᠠ ᠲᠠᠢ ᠪᠠᠶᠢᠬᠤ ᠪᠤᠯᠲᠤᠭᠠᠢ ᠃