Category Archives:   

ᠠᠯᠠᠱᠠ ᠵᠡᠬᠦᠨ ᠬᠤᠰᠢᠭᠤᠨ ᠣ ᠮᠠᠯᠵᠢᠬᠤ ᠳᠠᠷᠢᠶᠠᠯᠠᠬᠤ ᠤᠷᠤᠠ  ᠤ ︽ ᠠᠷᠪᠠ  ᠶᠢ ᠪᠦᠷᠬᠦᠬᠦᠯᠬᠦ ︾ ᠢᠨᠵᠸᠨᠸᠷᠢᠡᠭ  ᠣᠨ ᠤᠬᠠᠭᠤᠯᠭ᠎ᠠ ᠶᠢᠨ ᠭᠠᠷ ᠳᠡᠪᠳᠡᠷ

◆ᠮᠠᠯᠵᠢᠬᠤ ᠳᠠᠷᠢᠶᠠᠯᠠᠬᠤ ᠤᠷᠤᠠ  ᠤ ︽ ᠠᠷᠪᠠ  ᠶᠢ ᠪᠦᠷᠬᠦᠬᠦᠯᠬᠦ ︾ ᠢᠨᠵᠸᠨᠸᠷᠢᠡᠭ ᠬᠡᠵᠤ ᠶᠠᠭᠤ ᠪᠤᠢ
ᠦᠪᠦᠷ ᠮᠤᠩᠭᠤᠯ ᠣᠨ ᠦᠪᠡᠷᠳᠡᠬᠡᠨ ᠵᠠᠰᠠᠬᠤ ᠤᠷᠤᠨ ᠣ ᠨᠠᠮ ᠣᠨ ᠬᠤᠷᠢᠶ᠎ᠠ ᠵᠠᠰᠠᠭ ᠣᠨ ᠤᠷᠳᠤᠨ  ᠨᠢ 2014 ᠤᠨ ᠠᠴᠠ ᠡᠬᠢᠯᠡᠨ 3 ᠵᠢᠯ ᠣᠨ ᠬᠤᠭᠤᠴᠠᠭ᠎ᠠ ᠬᠡᠷᠡᠭᠰᠡᠵᠤ ᠂ 600 ᠭᠠᠷᠤᠢ ᠳ᠋ᠦᠩᠰᠢᠭᠤᠷ ᠳᠦᠬᠦᠷᠢᠭ ᠣᠨ ᠪᠡᠯᠡ ᠤᠷᠤᠭᠤᠯᠤᠨ ᠂ ᠪᠦᠬᠦ ᠤᠷᠤᠨ ᠣ ᠬᠡᠪᠴᠢᠶᠡᠨ  ᠳᠤ ᠬᠦᠳᠡᠬᠡ ᠳᠤᠰᠬᠤᠨ ᠮᠠᠯᠵᠢᠬᠤ ᠤᠷᠤᠨ ᠣ ᠨᠤᠷᠠᠬᠤ ᠠᠶᠤᠯᠳᠠᠢ ᠬᠡᠷ ᠪᠠᠶᠢᠰᠢᠩ ᠢ ᠦᠬᠡᠷᠡᠴᠢᠯᠡᠨ ᠵᠠᠰᠠᠬᠤ ᠂ ᠠᠶᠤᠯᠬᠦᠢ ᠤᠤᠭᠤᠬᠤ ᠤᠰᠤ ᠂ ᠭᠠᠴᠠᠭ᠎ᠠ ᠳᠤᠰᠬᠤᠨ ᠣ ᠵᠡᠬᠡᠯᠢ ᠭᠤᠳᠤᠮᠵᠢ ᠶᠢ ᠬᠠᠳᠠᠭᠤᠷᠠᠭᠤᠯᠬᠤ ᠂ ᠳᠤᠰᠬᠤᠨ ᠪᠦᠷᠢ  ᠳᠤ ᠴᠠᠬᠢᠯᠭᠠᠨ ᠨᠡᠪᠳᠡᠷᠡᠬᠦ ᠂ ᠷᠠᠳᠢᠤ᠋ ᠲᠸᠯᠸᠢᠰ ᠴᠠᠬᠢᠯᠭᠠᠨ ᠬᠤᠯᠪᠤᠭ᠎ᠠ ᠨᠡᠪᠳᠡᠷᠡᠬᠦᠯᠬᠦ ᠂ ᠰᠤᠷᠭᠠᠭᠤᠯᠢ ᠵᠢᠨ ᠪᠠᠶᠢᠷᠢ ᠶᠢᠨ ᠠᠮᠤᠷ ᠳᠦᠪᠰᠢᠠ  ᠤ ᠪᠠᠶᠢᠭᠤᠯᠤᠯᠳᠠ ᠂ ᠭᠠᠴᠠᠭ᠎ᠠ ᠲᠤᠰᠬᠤᠨ  ᠣ ᠪᠠᠷᠢᠮᠵᠢᠶᠠᠵᠢᠭᠰᠠᠠ ᠡᠷᠡᠬᠦᠯ ᠬᠠᠮᠠᠭᠠᠯᠠᠯ  ᠤᠨ ᠳᠠᠰᠤᠭ  ᠤᠨ ᠪᠦᠳᠦᠭᠡᠠ ᠪᠠᠶᠢᠭᠤᠯᠤᠯᠳᠠ ᠂ ᠭᠠᠴᠠᠭ᠎ᠠ ᠲᠤᠰᠬᠤᠨ  ᠣ ᠰᠤᠶᠤᠯ  ᠤᠨ ᠦᠷᠦᠬᠡ ᠵᠢᠨ ᠪᠦᠳᠦᠭᠡᠠ ᠪᠠᠶᠢᠭᠤᠯᠤᠯᠳᠠ ᠂ ᠠᠷᠠᠳ  ᠲᠤ ᠳᠦᠬᠦᠮ ᠦᠵᠡᠬᠦᠯᠬᠦ ᠭᠡᠯᠬᠢᠶᠡᠵᠢᠭᠰᠡᠠ ᠭᠡᠳᠤ ᠳᠡᠯᠬᠡᠬᠦᠷ  ᠢ ᠪᠠᠶᠢᠭᠤᠯᠬᠤ ᠂ ᠮᠠᠯᠵᠢᠬᠤ ᠳᠠᠷᠢᠶᠠᠯᠠᠬᠤ ᠤᠷᠤᠠ  ᠳᠤ ᠪᠠᠶᠢᠩᠭᠤ ᠰᠠᠭᠤᠭ᠎ᠠ ᠬᠦᠮᠦᠨ ᠠᠮᠠ ᠵᠢᠨ ᠨᠠᠰᠤᠵᠢᠯ ᠡᠮ ᠡᠮᠨᠡᠯᠬᠡ ᠪᠠ ᠨᠠᠭᠠᠳᠤ ᠵᠠᠬ᠎ᠠ ᠵᠢᠨ ᠠᠮᠢᠳᠤᠷᠠᠯ  ᠤᠨ ᠪᠠᠳᠤᠯᠠᠪᠤᠷᠢ ᠵᠡᠷᠭᠡ ᠨᠡᠶᠢᠬᠡᠮ  ᠤᠨ ᠪᠠᠳᠤᠯᠠᠪᠤᠷᠢ ᠵᠢ ᠪᠡᠶᠡᠯᠡᠬᠦᠯᠬᠦ ︽ ᠠᠷᠪᠠ ᠶᠢ ᠪᠦᠷᠬᠦᠬᠦᠯᠬᠦ ︾ ᠢᠨᠵᠸᠨᠸᠷᠢᠩ ᠢ ᠬᠡᠷᠡᠭᠵᠢᠬᠦᠯᠬᠦ ᠴᠢᠬᠤᠯᠠ ᠰᠢᠢᠳᠪᠦᠷᠢ ᠶᠢ ᠳᠤᠭᠳᠠᠭᠠᠪᠠ ᠃
◆ ᠶᠠᠭᠤᠨ ᠣ ᠤᠴᠢᠷ ᠠᠴᠠ ᠬᠦᠳᠡᠬᠡ ᠳᠤᠰᠬᠤᠨ ᠮᠠᠯᠵᠢᠬᠤ ᠤᠷᠤᠨ  ᠳᠤ ︽ ᠠᠷᠪᠠ ᠶᠢ ᠪᠦᠷᠬᠦᠬᠦᠯᠬᠦ ︾ ᠢᠨᠵᠸᠨᠸᠷᠢᠩ ᠢ ᠬᠡᠷᠡᠭᠵᠢᠬᠦᠯᠬᠦ ᠪᠤᠢ
ᠠᠯᠠᠱᠠ ᠵᠡᠬᠦᠨ ᠬᠤᠰᠢᠭᠤ  ᠨᠢ ᠦᠪᠦᠷ ᠮᠤᠩᠭᠤᠯ ᠣᠨ ᠪᠠᠷᠠᠭᠤᠨ ᠬᠡᠰᠡᠭ  ᠲᠤ ᠪᠠᠶᠢᠷᠢᠯᠠᠵᠤ ᠂ ᠶᠡᠷᠦᠩᠬᠡᠢ ᠳᠠᠯᠠᠪᠠᠢ  ᠨᠢ 80412 ᠬᠠᠪᠳᠠᠭᠠᠢ ᠳᠦᠷᠪᠡᠯᠵᠢᠨ ᠺᠢᠯᠤᠮᠸᠲ᠋ᠷ ᠪᠠᠶᠢᠵᠤ ᠂ ᠪᠦᠬᠦ ᠬᠤᠰᠢᠭᠤᠨ  ᠳᠤ 9 ᠪᠠᠯᠭᠠᠰᠤ ᠂ 6 ᠰᠤᠮᠤ ᠂ 139 ᠭᠠᠴᠠᠭ᠎ᠠ ᠳᠤᠰᠬᠤᠨ ᠳᠠᠢ ᠂ ᠨᠡᠶᠢᠳᠡ ᠬᠦᠮᠦᠨ ᠠᠮᠠ  ᠶᠢᠨ ᠳᠤᠭ᠎ᠠ 14.3 ᠳᠦᠮᠡ ᠪᠠᠶᠢᠵᠤ ᠂ ᠡᠬᠦᠨ  ᠳᠣ ᠮᠠᠯᠵᠢᠬᠤ ᠳᠠᠷᠢᠶᠠᠯᠠᠬᠤ ᠤᠷᠤᠨ ᠣ ᠬᠦᠮᠦᠨ ᠠᠮᠠ 5.63 ᠳᠦᠮᠡᠨ ᠬᠦᠮᠦᠨ ᠪᠠᠶᠢᠨ᠎ᠠ ᠃ ᠭᠠᠵᠠᠷ ᠨᠤᠳᠤᠭ ᠦᠷᠬᠡᠨ ᠠᠭᠤᠳᠠᠮ ᠂ ᠮᠠᠯᠵᠢᠬᠤ ᠳᠠᠷᠢᠶᠠᠯᠠᠬᠤ ᠤᠷᠤᠨ ᠣ ᠬᠦᠮᠦᠨ ᠠᠮᠠ  ᠶᠢᠨ ᠰᠠᠭᠤᠷᠢᠰᠢᠯ ᠲᠠᠷᠬᠠᠢ ᠂ ᠠᠮᠢ ᠠᠬᠤᠢ ᠶᠢᠨ ᠤᠷᠴᠢᠨ ᠳᠤᠭᠤᠷᠢᠨ ᠬᠡᠪᠡᠷᠡᠭ ᠵᠡᠷᠬᠡ ᠰᠢᠯᠳᠠᠭᠠᠨ ᠠᠴᠠ ᠪᠤᠯᠵᠤ ᠂ ᠤᠷᠳᠤ ᠬᠤᠭᠤᠴᠠᠭᠠᠨ ᠣ ᠳᠤᠷᠰᠢ ᠮᠠᠨ ᠣ ᠬᠤᠰᠢᠭᠤᠨ ᠣ ᠮᠠᠯᠵᠢᠬᠤ ᠳᠠᠷᠢᠶᠠᠯᠠᠬᠤ ᠤᠷᠤᠨ  ᠳᠤ ᠤᠰᠤ ᠂ ᠴᠠᠬᠢᠯᠭᠠᠨ ᠂ ᠵᠠᠮ ᠂ ᠴᠢᠮᠡᠬᠡ ᠬᠤᠯᠪᠤᠭ᠎ᠠ ᠵᠡᠷᠬᠡ ᠰᠠᠭᠤᠷᠢ ᠳᠦᠬᠦᠬᠡᠷᠦᠮᠵᠢ  ᠨᠢ ᠦᠷᠢ ᠰᠢᠷᠢ ᠶᠡᠬᠡ ᠪᠠᠶᠢᠵᠤ ᠂ ᠮᠠᠯᠴᠢᠨ ᠳᠠᠷᠢᠶᠠᠴᠢᠨ ᠣ ᠰᠠᠭᠤᠬᠤ ᠬᠡᠷ  ᠨᠢ ᠳᠦᠬᠦᠮ ᠠᠪᠰᠠᠷ ᠂ ᠤᠰᠤ ᠬᠤᠪᠤᠷ ᠵᠠᠮ ᠳᠦᠬᠦᠮ ᠪᠤᠰᠤ ᠂ ᠡᠪᠡᠳᠴᠢᠨ ᠦᠵᠡᠬᠦᠯᠬᠦ ᠰᠤᠷᠭᠠᠭᠤᠯᠢ  ᠳᠤ ᠰᠠᠭᠤᠬᠤ  ᠳᠤ ᠳᠦᠬᠦᠮ ᠪᠤᠰᠤ ᠂ ᠴᠠᠬᠢᠯᠭᠠᠨ ᠬᠡᠷᠡᠭᠯᠡᠬᠦ ᠶᠠᠭᠤᠮ᠎ᠠ ᠬᠤᠳᠠᠯᠳᠤᠵᠤ ᠠᠪᠬᠤ  ᠳᠤ ᠳᠦᠬᠦᠮ ᠪᠤᠰᠤ ᠵᠡᠷᠬᠡ ᠪᠤᠳᠠᠳᠠᠢ ᠠᠰᠠᠭᠤᠳᠠᠯ ᠨᠡᠶᠢᠳᠡᠮ ᠤᠷᠤᠰᠢᠵᠤ ᠂ ᠳᠠᠷᠢᠶᠠᠯᠠᠩ ᠮᠠᠯ ᠠᠵᠤ ᠠᠬᠤᠢ ᠶᠢᠨ ᠰᠠᠭᠤᠷᠢ ᠳᠦᠬᠦᠬᠡᠷᠦᠮᠵᠢ  ᠨᠢ ᠬᠠᠷᠢᠴᠠᠩᠭᠤᠢ ᠪᠠᠭᠤᠷᠠᠢ ᠪᠤᠳᠠᠳᠤ ᠪᠠᠶᠢᠳᠠᠯ ᠂ ᠮᠠᠯᠴᠢᠨ ᠳᠠᠷᠢᠶᠠᠴᠢᠨ ᠣ ᠠᠮᠢᠳᠤᠷᠠᠯ ᠣᠨ ᠳᠦᠪᠰᠢᠨ  ᠨᠢ ᠶᠡᠷᠦᠩᠬᠡᠢ ᠳ᠋ᠡᠬᠡᠨ ᠨᠡᠯᠢᠶᠡᠳ ᠳᠤᠤᠷ᠎ᠠ ᠂ ᠮᠠᠯᠵᠢᠬᠤ ᠳᠠᠷᠢᠶᠠᠯᠠᠬᠤ ᠤᠷᠤᠨ ᠬᠠᠷᠢᠴᠠᠩᠭᠤᠢ ᠬᠤᠴᠤᠷᠤᠩᠭᠤᠢ ᠪᠠᠶᠢᠳᠠᠯ  ᠨᠢ ᠦᠨᠳᠦᠰᠦᠨ  ᠠᠴᠠ  ᠪᠠᠨ ᠬᠤᠪᠢᠷᠠᠯᠳᠠ ᠭᠠᠷᠤᠭᠰᠠᠨ ᠦᠬᠡᠢ ᠃ ᠦᠪᠦᠷ ᠮᠤᠩᠭᠤᠯ ᠣᠨ ᠦᠪᠡᠷᠳᠡᠬᠡᠨ ᠵᠠᠰᠠᠬᠤ ᠤᠷᠤᠨ ᠣ ᠨᠠᠮ ᠣᠨ ᠬᠤᠷᠢᠶ᠎ᠠ ᠂ ᠵᠠᠰᠠᠭ ᠣᠨ ᠤᠷᠳᠤᠨ  ᠠᠴᠠ ᠰᠢᠢᠳᠴᠤ ᠪᠠᠶᠢᠷᠢᠯᠠᠭᠤᠯᠤᠭᠰᠠᠨ ︽ ᠠᠷᠪᠠ ᠶᠢ ᠪᠦᠷᠬᠦᠬᠦᠯᠬᠦ ︾ ᠢᠨᠵᠸᠨᠸᠷᠢᠩ ᠨᠢ ᠠᠯᠠᠱᠠ ᠵᠡᠬᠦᠨ ᠬᠤᠰᠢᠭᠤᠨ  ᠳᠤ ᠠᠪᠴᠤ ᠬᠡᠯᠡᠪᠡᠯ ᠂ ᠨᠢᠬᠡᠨ ᠬᠠᠳᠠᠭᠤ ᠪᠡᠷᠬᠡ ᠪᠦᠬᠡᠳ ᠪᠠᠴᠢᠮ ᠡᠬᠦᠷᠬᠡ ᠪᠤᠯᠬᠤ ᠮᠦᠷᠳᠡᠬᠡᠨ ᠂ ᠮᠦᠨᠴᠤ ᠮᠠᠯᠵᠢᠬᠤ ᠳᠠᠷᠢᠶᠠᠯᠠᠬᠤ ᠤᠷᠤᠨ ᠣ ᠨᠦᠬᠦᠴᠡᠯ ᠢ ᠰᠠᠶᠢᠵᠢᠷᠠᠭᠤᠯᠵᠤ ᠂ ᠬᠤᠳᠠ ᠬᠦᠳᠡᠬᠡ ᠶᠢᠨ ᠵᠦᠷᠢᠶ᠎ᠡ ᠶᠢ ᠪᠠᠭᠠᠰᠬᠠᠨ ᠂ ᠡᠶ᠎ᠡ ᠨᠠᠶᠢᠷᠠᠮᠳᠠᠭᠤ ᠬᠦᠭᠵᠢᠯᠳᠡ ᠶᠢ ᠠᠬᠢᠭᠤᠯᠬᠤ ᠴᠢᠬᠤᠯᠠ ᠳᠤᠬᠢᠶᠠᠯ ᠪᠤᠯᠤᠨ᠎ᠠ ᠃
◆ ︽ ᠠᠷᠪᠠ ᠵᠢ ᠪᠦᠷᠬᠦᠬᠦᠯᠬᠦ ︾ ᠢᠨᠵᠸᠨᠸᠷᠢᠩ  ᠢ ᠬᠡᠷᠡᠭᠵᠢᠬᠦᠯᠬᠦ ᠵᠠᠷᠴᠢᠮ
ᠲᠤᠬᠠᠢ  ᠶᠢᠨ ᠭᠠᠵᠠᠷ  ᠲᠤᠨᠢ ᠲᠤᠬᠢᠷᠠᠭᠤᠯᠵᠤ ᠂ ᠰᠢᠨᠵᠢᠯᠡᠬᠦ ᠤᠬᠠᠭᠠᠨᠴᠢ  ᠪᠠᠷ ᠲᠦᠯᠦᠪᠵᠢᠬᠦᠯᠦᠨ᠎ᠡ ᠃ ᠡᠯ᠎ᠡ ᠭᠠᠴᠠᠭ᠎ᠠ ᠲᠤᠰᠬᠤᠨ  ᠣ ᠪᠦᠳᠦᠬᠡᠨ ᠪᠠᠶᠢᠭᠤᠯᠤᠯᠳᠠ  ᠶᠢᠨ ᠲᠦᠯᠦᠪᠵᠢᠬᠦᠯᠬᠡ ᠪᠤᠯᠤᠨ ᠲᠤᠰ ᠵᠢᠯ  ᠣᠨ ᠬᠡᠷᠡᠭᠵᠢᠬᠦᠯᠬᠦ ᠲᠦᠰᠦᠯ  ᠢ ᠲᠤᠭᠳᠠᠭᠠᠵᠤ ᠂ ᠤᠳᠤᠬᠢ ᠪᠠᠶᠢᠳᠠᠯ  ᠣᠨ ᠵᠢᠷᠤᠭ ᠂ ᠲᠦᠯᠦᠪᠵᠢᠬᠦᠯᠬᠡ  ᠶᠢᠨ ᠵᠢᠷᠤᠭ ᠂ ᠬᠡᠷᠡᠭᠵᠢᠬᠦᠯᠬᠦ ᠲᠦᠷᠦᠯ ᠵᠦᠢᠯ  ᠣᠨ ᠵᠢᠷᠤᠭ ᠂ ᠲᠤᠰᠬᠤᠨ  ᠣ ᠬᠤᠭᠤᠷᠤᠨᠳᠤᠬᠢ ᠵᠠᠮ  ᠣᠨ ᠲᠤᠤᠷ ᠵᠢᠷᠤᠭ ᠂ ᠪᠡᠯᠡ ᠤᠷᠤᠭᠤᠯᠬᠤ ᠪᠤᠳᠤᠯᠳᠠ  ᠶᠢᠨ ᠬᠦᠰᠦᠨᠦᠭᠳᠦ ︽ ᠲᠦᠷᠪᠡᠨ ᠵᠢᠷᠤᠭ ᠨᠢᠬᠡ ᠬᠦᠰᠦᠨᠦᠭᠳᠦ ︾ ᠵᠢ ᠪᠦᠷᠢᠯᠳᠦᠬᠦᠯᠦᠨ ᠂ ᠨᠢᠬᠡ ᠲᠤᠰᠬᠤᠨ ᠨᠢᠬᠡ ᠲᠡᠪᠳᠡᠷ ᠂ ᠨᠢᠬᠡ ᠡᠷᠦᠬᠡ ᠨᠢᠬᠡ ᠪᠤᠳᠤᠯᠭ᠎ᠠ  ᠲᠠᠢ ᠪᠤᠯᠭᠠᠵᠤ ᠡᠯ᠎ᠡ ᠲᠦᠷᠦᠯ  ᠣᠨ ᠠᠵᠢᠯ ᠡᠮᠬᠢ ᠲᠠᠷᠠᠭ᠎ᠠ  ᠲᠠᠢ ᠪᠠᠶᠢᠬᠤ ᠵᠢ ᠪᠠᠳᠤᠯᠠᠨ᠎ᠠ ᠃
ᠵᠠᠰᠠᠭ  ᠣᠨ ᠤᠷᠳᠤᠨ ᠭᠤᠤᠯᠯᠠᠨ ᠤᠳᠤᠷᠢᠳᠴᠤ ᠂ ᠤᠯᠠᠨ ᠲᠦᠮᠡᠨ ᠰᠠᠶᠢᠨ ᠲᠤᠷ᠎ᠠ  ᠠᠴᠠ  ᠪᠠᠨ ᠤᠷᠤᠯᠴᠠᠨ᠎ᠠ ᠃ ᠮᠠᠯᠴᠢᠨ ᠲᠠᠷᠢᠶᠠᠴᠢᠨ ᠰᠠᠶᠢᠨ ᠲᠤᠷ᠎ᠠ  ᠠᠴᠠ  ᠪᠠᠨ ᠭᠤᠶᠤᠴᠢᠯᠠᠨ ᠂ ᠵᠠᠰᠠᠭ  ᠣᠨ ᠤᠷᠳᠤᠨ ᠨᠦᠬᠦᠪᠦᠷᠢᠯᠡᠵᠦ ᠂ ᠤᠯᠠᠨ ᠲᠦᠮᠡᠨ ᠦᠪᠡᠷᠳᠡᠬᠡᠨ ᠪᠡᠯᠡ ᠬᠤᠷᠠᠮᠳᠤᠭᠤᠯᠤᠨ ᠂ ᠰᠤᠮᠤ ᠪᠠᠯᠭᠠᠰᠤ ᠬᠠᠪᠰᠤᠷᠤᠨ ᠪᠦᠳᠦᠬᠡᠨ ᠪᠠᠶᠢᠭᠤᠯᠬᠤ ᠡᠰᠡᠬᠦᠯ᠎ᠡ ᠨᠢᠬᠡᠳᠦᠯᠳᠡᠢ ᠪᠦᠳᠦᠬᠡᠨ ᠪᠠᠶᠢᠭᠤᠯᠬᠤ ᠠᠷᠭ᠎ᠠ  ᠪᠠᠷ ᠂ ᠲᠦᠯᠦᠬᠡᠯᠡᠨ ᠰᠢᠢᠳᠪᠦᠷᠢᠯᠡᠬᠦ ᠦᠬᠡᠢ ᠂ ᠠᠯᠪᠠᠳᠠᠨ ᠵᠠᠷᠯᠢᠭᠳᠠᠬᠤ ᠦᠬᠡᠢ ᠂ ᠦᠬᠦᠮᠡᠯ  ᠢᠶᠠᠷ ᠬᠠᠨᠳᠤᠬᠤ ᠦᠬᠡᠢ ᠂ ᠮᠠᠯᠴᠢᠨ ᠲᠠᠷᠢᠶᠠᠴᠢᠨ  ᠣ ᠰᠠᠨᠠᠭᠠᠴᠢᠯᠭ᠎ᠠ ᠵᠢ ᠬᠦᠨᠳᠦᠳᠬᠡᠨ ᠂ ᠤᠯᠠᠨ ᠲᠦᠮᠡᠨ  ᠣ ᠢᠳᠡᠪᠬᠢ ᠴᠢᠨᠠᠷ ᠪᠤᠯᠤᠨ ᠰᠠᠨᠠᠭᠠᠴᠢᠯᠭᠠᠳᠤ ᠴᠢᠨᠠᠷ  ᠢ ᠰᠠᠶᠢᠳᠤᠷ ᠳᠠᠶᠢᠴᠢᠯᠠᠨ ᠪᠠᠳᠠᠷᠠᠭᠤᠯᠵᠤ ᠂ ᠠᠯᠪᠠᠳᠠᠯᠭ᠎ᠠ  ᠶᠢᠨ ᠲᠤᠤᠷ᠎ᠠ ᠬᠢᠬᠦ ᠵᠢ ᠰᠠᠨᠠᠭᠠᠴᠢᠯᠭ᠎ᠠ  ᠲᠠᠢ ᠬᠢᠬᠦ ᠪᠤᠯᠭᠠᠨ ᠬᠤᠪᠢᠷᠠᠭᠤᠯᠤᠨ᠎ᠠ ᠃
ᠲᠠᠭᠤᠷᠢᠶᠠᠯ ᠦᠵᠡᠬᠦᠯᠦᠨ ᠲᠠᠶᠢᠴᠢᠯᠠᠵᠤ ᠂ ᠲᠦᠷᠦᠯ ᠬᠤᠪᠢᠶᠠᠨ ᠵᠢᠯᠤᠭᠤᠳᠤᠨ᠎ᠠ ᠃ ᠡᠯ᠎ᠡ ᠭᠠᠴᠠᠭ᠎ᠠ ᠲᠤᠰᠬᠤᠨ  ᠣ ᠪᠠᠶᠢᠷᠢᠰᠢᠯ  ᠣᠨ ᠨᠦᠬᠦᠴᠡᠯ ᠂ ᠡᠬᠢ ᠪᠠᠶᠠᠯᠢᠭ ᠡᠯᠪᠡᠭ ᠂ ᠠᠵᠤ ᠦᠢᠯᠡᠰ  ᠣᠨ ᠪᠦᠳᠦᠴᠡ ᠪᠤᠯᠤᠨ ᠠᠵᠤ ᠠᠬᠤᠢ  ᠶᠢᠨ ᠬᠦᠭᠵᠢᠯᠳᠡ  ᠶᠢᠨ ᠬᠢᠷᠢ ᠲᠦᠪᠰᠢᠨ  ᠢ ᠦᠨᠳᠦᠰᠦᠯᠡᠨ ᠂ ᠭᠤᠤᠯᠳᠠᠯᠭ᠎ᠠ  ᠪᠠᠨ ᠲᠤᠪᠤᠶᠢᠯᠭᠠᠨ ᠂ ᠡᠩ  ᠣᠨ ᠪᠠᠶᠢᠳᠠᠯ  ᠲᠠᠢ ᠵᠢ  ᠨᠢ ᠨᠡᠶᠢᠳᠡᠮ  ᠳᠤᠨᠢ ᠬᠠᠷᠠᠭᠠᠯᠵᠠᠵᠤ ᠂ ᠭᠤᠤᠯ ᠲᠡᠳ᠋ ᠡᠮᠦᠨ᠎ᠡ ᠬᠤᠶᠢᠨ᠎ᠠ ᠬᠡᠵᠦ ᠬᠤᠪᠢᠶᠠᠨ ᠂ ︽ ᠠᠷᠪᠠ ᠵᠢ ᠪᠦᠷᠬᠦᠬᠦᠯᠬᠦ ︾ ᠢᠨᠵᠸᠨᠸᠷᠢᠩ  ᠢ ᠠᠯᠬᠤᠮ ᠪᠤᠯᠤᠨ ᠲᠦᠷᠦᠯ ᠬᠤᠪᠢᠶᠠᠨ ᠲᠦᠯᠬᠢᠨ ᠠᠬᠢᠭᠤᠯᠵᠤ ᠂ ᠨᠢᠬᠡ ᠵᠢ ᠬᠢᠪᠡᠯ ᠨᠢᠬᠡ ᠵᠢ ᠪᠦᠳᠦᠬᠡᠵᠦ ᠂ ᠦᠷ᠎ᠡ ᠪᠦᠳᠦᠮᠵᠢ ᠭᠠᠷᠭᠠᠨ᠎ᠠ ᠃
ᠪᠡᠯᠡ ᠮᠦᠩᠬᠦ ᠨᠢᠬᠡᠳᠬᠡᠵᠤ ᠂ ᠬᠠᠮᠢᠶᠠᠷᠤᠯᠳᠠ  ᠪᠠᠨ ᠴᠢᠩᠭᠠᠳᠬᠠᠨ᠎ᠠ ᠃ ᠤᠯᠤᠰ ᠂ ᠦᠪᠡᠷᠳᠡᠬᠡᠨ ᠵᠠᠰᠠᠬᠤ ᠤᠷᠤᠨ ᠪᠠ ᠠᠶᠢᠮᠠᠭ ᠣᠨ ᠳᠡᠰ ᠣᠨ ᠳᠦᠷᠦᠯ ᠵᠦᠢᠯ ᠣᠨ ᠪᠡᠯᠡ ᠮᠦᠩᠬᠦ ᠶᠢ ᠶᠡᠬᠡ ᠬᠦᠴᠦ  ᠪᠠᠷ ᠴᠢᠷᠮᠠᠶᠢᠨ ᠤᠯᠵᠤ ᠂ ᠨᠤᠷᠠᠬᠤ ᠠᠶᠤᠯᠳᠠᠢ ᠬᠡᠷ ᠪᠠᠶᠢᠰᠢᠩ ᠣᠨ ᠦᠬᠡᠷᠡᠴᠢᠯᠡᠯᠳᠡ ᠂ ᠠᠮᠢ ᠠᠬᠤᠢ ᠬᠡᠪᠡᠷᠡᠭ ᠤᠷᠤᠨ ᠣ ᠨᠡᠬᠦᠳᠡᠯ ᠠᠷᠠᠳ ᠣᠨ ᠶᠠᠳᠠᠭᠤ  ᠶᠢ ᠳᠡᠳᠬᠦᠬᠦ ᠂ ᠡᠳ᠋ ᠣᠨ ᠵᠠᠰᠠᠭ ᠣᠨ ︽ ᠤᠴᠢᠷ ᠨᠢᠬᠡᠪᠦᠷᠢ ᠶᠢ ᠳᠤᠰᠬᠠᠢ ᠵᠦᠪᠳᠡᠬᠦ ︾ ᠂ ᠭᠤᠷᠪᠠ ᠶᠢ ᠬᠦᠳᠡᠬᠡ ᠳᠤᠰᠬᠤᠨ ᠪᠠ ᠡᠷᠦᠬᠡ  ᠳᠤ ᠬᠦᠷᠬᠡᠬᠦ ᠵᠡᠷᠬᠡ ᠡᠯ᠎ᠡ ᠳᠦᠷᠦᠯ ᠣᠨ ᠪᠡᠯᠡ ᠮᠦᠩᠬᠦ ᠶᠢ ᠨᠢᠬᠡᠳᠬᠡᠨ ᠬᠡᠷᠡᠭᠯᠡᠵᠤ ᠂ ᠳᠦᠷᠦᠯ ᠵᠦᠢᠯ ᠣᠨ ᠪᠠᠶᠢᠭᠤᠯᠤᠯᠳᠠ ᠶᠢᠨ ᠪᠡᠯᠡ ᠮᠦᠩᠬᠦᠨ ᠣ ᠱᠠᠭᠠᠷᠳᠠᠯᠠᠭ᠎ᠠ ᠶᠢ ᠪᠠᠳᠤᠯᠠᠨ᠎ᠠ ᠃ ᠭᠠᠴᠠᠭ᠎ᠠ ᠳᠤᠰᠬᠤᠨ ᠣ ᠳᠤᠭᠳᠠᠭᠠᠯ ᠢ ᠠᠷᠠᠳ ᠪᠤᠯᠵᠤᠬᠤ ᠂ ᠭᠠᠴᠠᠭ᠎ᠠ ᠳᠤᠰᠬᠤᠨ ᠣ ᠠᠷᠠᠳ ᠤᠴᠢᠷ ᠶᠠᠪᠤᠳᠠᠯ ᠢ ᠵᠦᠪᠳᠡᠬᠦ ᠂ ᠨᠠᠮ ᠣᠨ ᠶᠠᠪᠤᠳᠠᠯ ᠢ ᠨᠡᠶᠢᠳᠡᠯᠡᠬᠦ ᠂ ᠡᠷᠡᠬᠦᠯ ᠬᠠᠮᠠᠭᠠᠯᠠᠯ ᠠᠷᠢᠭᠤᠨ ᠴᠡᠪᠡᠷ ᠵᠡᠷᠬᠡ ᠨᠢᠬᠡ ᠰᠢᠰᠲ᠋ᠸᠮ ᠳᠦᠷᠢᠮ ᠳᠤᠭᠳᠠᠭᠠᠯ ᠢ ᠳᠤᠭᠳᠠᠭᠠᠨ ᠳᠡᠬᠦᠯᠳᠡᠷᠵᠢᠬᠦᠯᠵᠤ ᠂ ᠢᠨᠵᠸᠨᠸᠷᠢᠩ ᠢ ᠴᠠᠭ ᠳᠤᠬᠠᠢ  ᠳᠤᠨᠢ ᠬᠠᠮᠠᠭᠠᠯᠠᠵᠤ ᠂ ᠤᠷᠳᠤ ᠬᠤᠭᠤᠴᠠᠭ᠎ᠠ ᠳᠠᠢ ᠶᠠᠪᠤᠭᠳᠠᠭᠤᠯᠤᠨ᠎ᠠ ᠃
ᠳᠤᠭᠳᠠᠯᠴᠠᠭ᠎ᠠ ᠶᠢ ᠳᠡᠬᠦᠯᠳᠡᠷᠵᠢᠬᠦᠯᠵᠤ ᠂ ᠡᠬᠦᠷᠬᠡ ᠶᠢ ᠨᠠᠶᠢᠳᠠᠪᠤᠷᠢᠵᠢᠭᠤᠯᠤᠨ᠎ᠠ ᠃ ᠤᠳᠤᠷᠢᠳᠬᠤ ᠪᠠᠭ ᠨᠢᠬᠡᠳᠦᠯᠳᠡᠢ ᠳᠦᠯᠦᠪᠵᠢᠬᠦᠯᠦᠨ ᠵᠤᠬᠢᠴᠠᠭᠤᠯᠬᠤ ᠂ ᠬᠤᠪᠢᠶᠠᠷᠢᠯᠠᠨ ᠬᠠᠮᠢᠶᠠᠷᠬᠤ ᠳᠠᠷᠤᠭ᠎ᠠ ᠳᠤᠯᠤᠭᠠᠶᠢᠯᠠᠨ ᠬᠠᠷᠢᠭᠤᠴᠠᠬᠤ ᠂ ᠳᠠᠭᠠᠭᠠᠨ ᠬᠠᠷᠢᠯᠴᠠᠬᠤ ᠤᠳᠤᠷᠢᠳᠤᠯᠭ᠎ᠠ ᠱᠠᠭᠠᠷᠳᠠᠨ ᠪᠠᠶᠢᠴᠠᠭᠠᠵᠤ ᠠᠬᠢᠭᠤᠯᠬᠤ ᠂ ᠡᠬᠦᠷᠬᠡ ᠳᠤᠰᠢᠶᠠᠯᠳᠤ ᠰᠠᠯᠠᠭ᠎ᠠ ᠮᠦᠴᠢᠷ  ᠨᠢ ᠪᠤᠳᠠᠳᠠᠢ ᠵᠢᠯᠤᠭᠤᠳᠬᠤ ᠂ ᠰᠤᠮᠤ ᠪᠠᠯᠭᠠᠰᠤᠨ ᠠᠴᠠ ᠭᠤᠤᠯ ᠵᠤᠬᠢᠶᠠᠨ ᠪᠠᠶᠢᠭᠤᠯᠵᠤ ᠬᠡᠷᠡᠭᠵᠢᠬᠦᠯᠬᠦ ᠠᠵᠢᠯ ᠣᠨ ᠠᠬᠢᠭᠤᠯᠬᠤ ᠳᠤᠭᠳᠠᠯᠴᠠᠭ᠎ᠠ ᠶᠢ ᠪᠤᠢ ᠪᠤᠯᠭᠠᠵᠤ ᠂ ᠭᠤᠤᠯ ᠬᠠᠷᠢᠭᠤᠴᠠᠬᠤ ᠪᠠᠶᠢᠭᠤᠯᠭ᠎ᠠ  ᠨᠢ ᠳᠤᠬᠠᠶᠢᠯᠠᠭᠰᠠᠨ ᠠᠵᠢᠯ ᠣᠨ ᠵᠢᠯᠤᠭᠤᠳᠤᠯᠭ᠎ᠠ ᠶᠢ ᠬᠠᠷᠢᠭᠤᠴᠠᠨ ᠂ ᠰᠤᠮᠤ ᠪᠠᠯᠭᠠᠰᠤ  ᠨᠢ ᠭᠤᠤᠯ ᠡᠬᠦᠷᠬᠡ ᠬᠠᠷᠢᠭᠤᠴᠠᠯᠭ᠎ᠠ ᠶᠢ ᠬᠠᠷᠢᠭᠤᠴᠠᠨ᠎ᠠ ᠃
◆ ᠠᠯᠠᠱᠠ ᠵᠡᠬᠦᠨ ᠬᠤᠰᠢᠭᠤᠨ ᠣ ︽ ᠠᠷᠪᠠ ᠶᠢ ᠪᠦᠷᠬᠦᠬᠦᠯᠬᠦ ︾ ᠢᠨᠵᠸᠨᠸᠷᠢᠩ ᠢ ᠬᠡᠷᠡᠭᠵᠢᠬᠦᠯᠬᠦ ᠠᠭᠤᠯᠭ᠎ᠠ
ᠠᠯᠠᠱᠠ ᠵᠡᠬᠦᠨ ᠬᠤᠰᠢᠭᠤᠨ ᠣ ᠨᠠᠮ ᠣᠨ ᠬᠤᠷᠢᠶ᠎ᠠ ᠵᠠᠰᠠᠭ ᠣᠨ ᠤᠷᠳᠤᠨ  ᠨᠢ ᠭᠤᠷᠪᠠᠨ ᠵᠢᠯ  ᠳᠤ ︵ 2014 2016 ᠤᠨ ︶ 6 ᠳ᠋ᠦᠩᠰᠢᠭᠤᠷ ᠳᠦᠬᠦᠷᠢᠭ ᠣᠨ ᠪᠡᠯᠡ ᠤᠷᠤᠭᠤᠯᠵᠤ ᠂ ᠪᠦᠬᠦ ᠬᠤᠰᠢᠭᠤᠨ ᠣ ᠮᠠᠯᠵᠢᠬᠤ ᠳᠠᠷᠢᠶᠠᠯᠠᠬᠤ ᠤᠷᠤᠨ  ᠳᠤ ︽ ᠠᠷᠪᠠ ᠶᠢ ᠪᠦᠷᠬᠦᠬᠦᠯᠬᠦ ︾ ᠢᠨᠵᠸᠨᠸᠷᠢᠩ ᠢ ᠬᠡᠷᠡᠭᠵᠢᠬᠦᠯᠬᠦ  ᠪᠠᠷ ᠲᠦᠯᠦᠪᠯᠡᠵᠦ ᠂ ᠮᠠᠯᠴᠢᠨ ᠳᠠᠷᠢᠶᠠᠴᠢᠨ ᠣ ᠰᠠᠭᠤᠬᠤ ᠬᠡᠷ  ᠨᠢ ᠳᠦᠬᠦᠮ ᠠᠪᠰᠠᠷ ᠂ ᠤᠰᠤ ᠬᠤᠪᠤᠷ ᠵᠠᠮ ᠳᠦᠬᠦᠮ ᠪᠤᠰᠤ ᠂ ᠡᠪᠡᠳᠴᠢᠨ ᠦᠵᠡᠬᠦᠯᠬᠦ ᠰᠤᠷᠭᠠᠭᠤᠯᠢ  ᠳᠤ ᠰᠠᠭᠤᠬᠤ  ᠳᠤ ᠳᠦᠬᠦᠮ ᠪᠤᠰᠤ ᠂ ᠴᠠᠬᠢᠯᠭᠠᠨ ᠬᠡᠷᠡᠭᠯᠡᠬᠦ ᠶᠠᠭᠤᠮ᠎ᠠ ᠬᠤᠳᠠᠯᠳᠤᠵᠤ ᠠᠪᠬᠤ  ᠳᠤ ᠳᠦᠬᠦᠮ ᠪᠤᠰᠤ ᠵᠡᠷᠬᠡ ᠪᠤᠳᠠᠳᠠᠢ ᠠᠰᠠᠭᠤᠳᠠᠯ ᠢ ᠰᠢᠢᠳᠪᠦᠷᠢᠯᠡᠵᠤ ᠂ ᠰᠠᠭᠤᠷᠢ ᠳᠦᠬᠦᠬᠡᠷᠦᠮᠵᠢ ᠶᠢᠨ ᠪᠦᠳᠦᠬᠡᠨ ᠪᠠᠶᠢᠭᠤᠯᠤᠯᠳᠠ ᠶᠢ ᠮᠠᠯᠵᠢᠬᠤ ᠳᠠᠷᠢᠶᠠᠯᠠᠬᠤ ᠤᠷᠤᠨ ᠤᠷᠤᠭᠤ ᠦᠷᠬᠡᠳᠬᠡᠬᠦ ᠂ ᠨᠡᠶᠢᠳᠡ ᠶᠢᠨ ᠦᠢᠯᠡᠴᠢᠯᠡᠬᠡ ᠵᠢ ᠮᠠᠯᠵᠢᠬᠤ ᠳᠠᠷᠢᠶᠠᠯᠠᠬᠤ ᠤᠷᠤᠨ  ᠳᠣ ᠪᠦᠷᠬᠦᠬᠦᠯᠬᠦ ᠂ ᠬᠤᠳᠠ ᠶᠢᠨ ᠪᠤᠯᠪᠠᠰᠤᠨ ᠢᠶᠠᠷ ᠮᠠᠯᠵᠢᠬᠤ ᠳᠠᠷᠢᠶᠠᠯᠠᠬᠤ ᠤᠷᠤᠨ ᠢ ᠨᠦᠯᠦᠬᠡᠯᠡᠬᠦ ᠶᠢ ᠠᠬᠢᠭᠤᠯᠵᠤ ᠂ ᠮᠠᠯᠴᠢᠨ ᠳᠠᠷᠢᠶᠠᠴᠢᠨ  ᠳᠣ ᠦᠬᠡᠷᠡᠴᠢᠯᠡᠯᠳᠡ ᠨᠡᠬᠡᠬᠡᠯᠳᠡ ᠪᠠ ᠤᠳᠤᠬᠢᠴᠢᠯᠠᠭᠰᠠᠨ ᠬᠦᠭᠵᠢᠯᠳᠡ ᠶᠢᠨ ᠦᠷ᠎ᠡ ᠪᠦᠳᠦᠬᠡᠯ ᠢ ᠬᠠᠮᠳᠤᠪᠠᠷ ᠡᠳ᠋ᠯᠡᠬᠦᠯᠦᠨ᠎ᠡ ᠃
1. ᠮᠠᠯᠵᠢᠬᠤ ᠲᠠᠷᠢᠶᠠᠯᠠᠬᠤ ᠤᠷᠤᠨ  ᠣ ᠨᠤᠷᠠᠬᠤ ᠠᠶᠤᠯᠳᠠᠢ ᠤᠷᠤᠠ ᠰᠠᠭᠤᠴᠠ  ᠶᠢ ᠦᠬᠡᠷᠡᠴᠢᠯᠠᠠ ᠰᠠᠶᠢᠵᠢᠷᠠᠭᠤᠯᠬᠤ ᠢᠨᠵᠸᠨᠸᠷᠢᠩ ᠃ ᠮᠠᠯᠵᠢᠬᠤ ᠳᠠᠷᠢᠶᠠᠯᠠᠬᠤ ᠤᠷᠤᠨ ᠣ ᠪᠠᠶᠢᠩᠭᠤ ᠰᠠᠭᠤᠷᠢᠰᠢᠬᠤ ᠬᠦᠮᠦᠨ ᠠᠮᠠ ᠶᠢᠨ ᠰᠠᠭᠤᠬᠤ ᠬᠡᠷ  ᠨᠢ C.D ᠳᠡᠰ ᠣᠨ ᠨᠤᠷᠠᠬᠤ ᠠᠶᠤᠯᠳᠠᠢ ᠪᠠᠶᠢᠰᠢᠩ  ᠳᠣ ᠬᠠᠷᠢᠶᠠᠯᠠᠭᠳᠠᠵᠤ ᠂ ᠭᠤᠤᠯ ᠴᠤᠭᠴᠠ ᠶᠢᠨ ᠪᠦᠳᠦᠴᠡ  ᠨᠢ ᠨᠡᠯᠢᠶᠡᠳ ᠰᠠᠶᠢᠨ ᠬᠡᠷ ᠪᠠᠶᠢᠰᠢᠩ ᠢ ᠦᠬᠡᠷᠡᠴᠢᠯᠡᠨ ᠰᠢᠨᠡᠳᠬᠡᠵᠤ ᠂ ᠰᠠᠭᠤᠵᠤ ᠦᠯᠦ ᠪᠤᠯᠬᠤ ᠨᠤᠷᠠᠬᠤ ᠠᠶᠤᠯᠳᠠᠢ ᠬᠡᠷ ᠪᠠᠶᠢᠰᠢᠩ ᠢ ᠳᠠᠬᠢᠵᠤ ᠰᠢᠨ᠎ᠡ  ᠪᠠᠷ ᠪᠠᠷᠢᠵᠤ ᠂ ᠵᠠᠷᠴᠢᠮ ᠳᠡᠬᠡᠷ᠎ᠡ  ᠪᠠᠨ ᠬᠡᠷ ᠪᠠᠶᠢᠰᠢᠩ ᠣᠨ ᠪᠦᠳᠦᠬᠡᠨ ᠪᠠᠶᠢᠭᠤᠯᠤᠯᠳᠠ ᠶᠢᠨ ᠳᠠᠯᠠᠪᠠᠢ  ᠨᠢ 40 ᠬᠠᠪᠳᠠᠭᠠᠢ ᠳᠡᠭᠰᠢ ᠳᠦᠷᠪᠡᠯᠵᠢᠨ ᠮᠸᠲ᠋ᠷ ᠠᠴᠠ ᠪᠠᠭ᠎ᠠ ᠦᠬᠡᠢ ᠪᠠᠶᠢᠬᠤ ᠶᠢ ᠱᠠᠭᠠᠷᠳᠠᠨ᠎ᠠ ᠃ ᠭᠤᠤᠯᠳᠠᠭᠤ ᠮᠠᠯᠵᠢᠬᠤ ᠳᠠᠷᠢᠶᠠᠯᠠᠬᠤ ᠤᠷᠤᠨ ᠣ ᠠᠵᠤ ᠠᠬᠤᠢ  ᠶᠢᠨ ᠲᠠᠯ᠎ᠠ  ᠪᠠᠷ ᠬᠠᠮᠤᠭ ᠠᠴᠠ ᠬᠦᠴᠢᠷᠳᠡᠯᠳᠡᠢ ᠂ ᠰᠠᠭᠤᠬᠤ ᠬᠡᠷ  ᠨᠢ ᠬᠠᠮᠤᠭ ᠠᠴᠠ ᠠᠶᠤᠯᠳᠠᠢ ᠶᠠᠳᠠᠭᠤ ᠬᠦᠴᠢᠷᠳᠡᠯᠳᠡᠢ ᠤᠯᠠᠨ ᠳᠦᠮᠡᠨ  ᠳᠤ ᠬᠠᠮᠤᠭ ᠣᠨ ᠦᠨᠳᠦᠰᠦᠨ ᠰᠠᠭᠤᠬᠤ ᠬᠡᠷ ᠣᠨ ᠠᠮᠤᠷ ᠳᠦᠪᠰᠢᠨ ᠣ ᠠᠰᠠᠭᠤᠳᠠᠯ ᠢ ᠰᠢᠢᠳᠪᠦᠷᠢᠯᠡᠨ᠎ᠡ ᠃
ᠬᠠᠷᠠᠯᠳᠠ ᠡᠬᠦᠷᠬᠡ ᠄ ᠪᠦᠬᠦ ᠬᠤᠰᠢᠭᠤᠨ ᠣ 14 ᠰᠤᠮᠤ ᠪᠠᠯᠭᠠᠰᠤᠨ ᠣ 130 ᠭᠠᠴᠠᠭ᠎ᠠ ᠳᠤᠰᠬᠤᠨ  ᠳᠤ ᠬᠤᠯᠪᠤᠭᠳᠠᠵᠤ ᠂ ᠮᠠᠯᠴᠢᠨ ᠳᠠᠷᠢᠶᠠᠴᠢᠨ ᠣ ᠨᠤᠷᠠᠬᠤ ᠠᠶᠤᠯᠳᠠᠢ 4734 ᠢᠵᠢ ᠬᠡᠷ ᠪᠠᠶᠢᠰᠢᠩ ᠢ ᠦᠬᠡᠷᠡᠴᠢᠯᠡᠨ ᠵᠠᠰᠠᠨ᠎ᠠ ᠃
ᠠᠰᠢᠭ ᠬᠦᠷᠳᠡᠬᠦ ᠬᠦᠮᠦᠰ ᠄ ᠭᠤᠤᠯᠳᠠᠭᠤ ᠨᠤᠷᠠᠬᠤ ᠠᠶᠤᠯᠳᠠᠢ ᠬᠡᠷ ᠪᠠᠶᠢᠰᠢᠩ  ᠳᠤ ᠰᠠᠭᠤᠵᠤ ᠪᠠᠶᠢᠭ᠎ᠠ ᠬᠦᠳᠡᠬᠡ ᠳᠤᠰᠬᠤᠨ ᠣ ᠳᠠᠷᠬᠠᠨ ᠰᠠᠭᠤᠷᠢᠰᠢᠭ᠎ᠠ ᠳᠠᠪᠤᠨ ᠪᠠᠳᠤᠯᠠᠭᠠᠳᠤ ᠡᠷᠦᠬᠡ ᠂ ᠳᠤᠤᠷ᠎ᠠ ᠪᠠᠳᠤᠯᠠᠭᠠᠳᠤ ᠡᠷᠦᠬᠡ ᠂ ᠶᠠᠳᠠᠭᠤ ᠬᠦᠴᠢᠷᠳᠡᠯᠳᠡᠢ ᠵᠡᠮᠳᠡᠭᠴᠤᠳ ᠣᠨ ᠬᠡᠷ ᠪᠦᠯᠢ ᠪᠠ ᠪᠤᠰᠤᠳ ᠶᠠᠳᠠᠭᠤ ᠬᠦᠴᠢᠷᠳᠡᠯᠳᠡᠢ ᠡᠷᠦᠬᠡ ᠃
2. ᠭᠠᠴᠠᠭ᠎ᠠ ᠲᠤᠰᠬᠤᠨ ᠣ ᠵᠡᠭᠡᠯᠢ ᠭᠤᠳᠤᠮᠵᠢ ᠵᠢ ᠬᠠᠳᠠᠭᠤᠷᠠᠭᠤᠯᠬᠤ ᠢᠨᠵᠸᠨᠸᠷᠢᠩ ᠃ ᠪᠤᠳᠠᠳᠤ ᠪᠠᠶᠢᠳᠠᠯ ᠢ ᠦᠨᠳᠦᠰᠦᠯᠡᠨ ᠂ ᠭᠠᠴᠠᠭ᠎ᠠ ᠳᠤᠰᠬᠤᠨ ᠣ ᠤᠳᠤ ᠪᠠᠶᠢᠭ᠎ᠠ ᠵᠡᠬᠡᠯᠢ ᠭᠤᠳᠤᠮᠵᠢ ᠶᠢᠨ ᠵᠠᠮ ᠣᠨ ᠰᠠᠭᠤᠷᠢ  ᠳᠤ ᠪᠸᠲ᠋ᠤᠨ ᠣ ᠬᠠᠳᠠᠭᠤᠷᠠᠭᠤᠯᠤᠯᠳᠠ ᠬᠢᠬᠦ ᠪᠤᠶᠤ ᠬᠠᠶᠢᠷ ᠴᠢᠯᠠᠭᠤ ᠳᠡᠪᠢᠰᠴᠤ ᠂ ᠦᠷᠬᠡᠨ ᠨᠠᠷᠢᠨ ᠣ ᠬᠡᠮᠵᠢᠶ᠎ᠡ ᠵᠢ ᠱᠠᠭᠠᠷᠳᠠᠭᠳᠠᠬᠤ ᠪᠠᠶᠢᠳᠠᠯ ᠢᠶᠠᠷ  ᠨᠢ ᠵᠠᠰᠠᠨ᠎ᠠ ᠃
ᠬᠠᠷᠠᠯᠳᠠ ᠡᠬᠦᠷᠬᠡ ᠄ ᠭᠠᠴᠠᠭ᠎ᠠ ᠳᠤᠰᠬᠤᠨ ᠣ ᠵᠡᠬᠡᠯᠢ ᠭᠤᠳᠤᠮᠵᠢ ᠶᠢᠨ ᠬᠠᠳᠠᠭᠤᠷᠠᠭᠤᠯᠤᠯᠳᠠ ᠶᠢᠨ ᠶᠡᠷᠦᠩᠬᠡᠢ ᠤᠷᠳᠤ  ᠨᠢ ᠪᠠᠷᠤᠭ 436 ᠺᠢᠯᠤᠮᠸᠲ᠋ᠷ ᠪᠠᠶᠢᠵᠤ ᠂ ᠮᠠᠯᠴᠢᠨ ᠳᠠᠷᠢᠶᠠᠴᠢᠨ ᠣ ᠭᠠᠷᠴᠤ ᠤᠷᠤᠬᠤ ᠨᠦᠬᠦᠴᠡᠯ ᠢ ᠰᠠᠶᠢᠵᠢᠷᠠᠭᠤᠯᠤᠨ᠎ᠠ ᠃
ᠠᠰᠢᠭ ᠬᠦᠷᠳᠡᠬᠦ ᠬᠦᠮᠦᠰ ᠄ ᠵᠠᠮ ᠬᠠᠷᠢᠯᠴᠠᠭ᠎ᠠ ᠳᠦᠬᠦᠮ ᠦᠬᠡᠢ ᠭᠠᠵᠠᠷ ᠤᠷᠤᠨ ᠣ ᠮᠠᠯᠴᠢᠨ ᠳᠠᠷᠢᠶᠠᠴᠢᠨ ᠃
3. ᠮᠠᠯᠵᠢᠬᠤ ᠲᠠᠷᠢᠶᠠᠯᠠᠬᠤ ᠤᠷᠤᠨ  ᠣ ᠡᠤᠤᠭᠤᠬᠤ ᠤᠰᠤᠠ  ᠤ ᠠᠮᠤᠷ ᠳᠦᠪᠰᠢᠠ  ᠤ ᠢᠨᠵᠸᠨᠸᠷᠢᠡᠭ ᠃ ᠤᠰᠤᠨ ᠣ ᠡᠬᠢ ᠰᠤᠷᠪᠤᠯᠵᠢ ᠂ ᠭᠠᠵᠠᠷ ᠰᠢᠨᠵᠢᠯᠡᠬᠡ ᠂ ᠬᠦᠮᠦᠨ ᠠᠮᠠ  ᠶᠢᠨ ᠰᠠᠭᠤᠷᠢᠰᠢᠯ ᠵᠡᠷᠬᠡ ᠪᠠᠶᠢᠳᠠᠯ ᠢ ᠦᠨᠳᠦᠰᠦᠯᠡᠨ ᠂ ᠳᠦᠬᠡᠬᠡᠯ ᠤᠰᠤᠨ ᠣ ᠢᠨᠵᠸᠨᠸᠷᠢᠩ ᠂ ᠬᠤᠳᠳᠤᠭ ᠦᠷᠦᠮᠳᠡᠵᠦ ᠤᠰᠤ ᠡᠷᠢᠬᠦ ᠢᠨᠵᠸᠨᠸᠷᠢᠩ ᠂ ᠤᠰᠤ ᠵᠢ ᠴᠡᠪᠡᠷᠰᠢᠬᠦᠯᠵᠤ ᠰᠢᠢᠳᠪᠦᠷᠢᠯᠡᠬᠦ ᠵᠡᠷᠬᠡ ᠤᠯᠠᠨ ᠠᠷᠭ᠎ᠠ ᠠᠪᠴᠠᠯ ᠢ ᠬᠡᠷᠡᠭᠵᠢᠬᠦᠯᠵᠤ ᠰᠢᠢᠳᠪᠦᠷᠢᠯᠡᠨ᠎ᠡ ᠃ ᠬᠠᠮᠤᠷᠤᠭᠳᠠᠬᠤ ᠬᠡᠪᠴᠢᠶ᠎ᠡ  ᠨᠢ ᠬᠦᠷᠦᠯᠴᠡᠬᠦ ᠦᠬᠡᠢ ᠂ ᠤᠳᠠᠭᠠᠨ ᠵᠢᠯ ᠰᠡᠯᠪᠢᠵᠤ ᠵᠠᠰᠠᠭᠰᠠᠨ ᠦᠬᠡᠢ ᠵᠡᠷᠬᠡ  ᠰᠢᠯᠳᠠᠭᠠᠨ  ᠠᠴᠠ ᠪᠤᠯᠵᠤ ᠦᠢᠯᠡᠳᠦᠯ ᠢᠶᠠᠨ ᠬᠡᠪ  ᠣᠨ ᠪᠠᠶᠢᠳᠠᠯ  ᠢᠶᠠᠷ ᠪᠠᠳᠠᠷᠠᠭᠤᠯᠵᠤ ᠴᠢᠳᠠᠬᠤ ᠦᠬᠡᠢ ᠪᠤᠯᠤᠭᠰᠠᠨ ᠤᠤᠭᠤᠬᠤ ᠤᠰᠤᠨ ᠣ ᠢᠨᠵᠸᠨᠸᠷᠢᠩ ᠢ ᠵᠠᠰᠠᠵᠤ ᠦᠬᠡᠷᠡᠴᠢᠯᠡᠨ᠎ᠡ ᠃ ᠤᠰᠤᠨ  ᠳᠡᠬᠢ ᠹᠸᠯᠤᠷ ᠂ ᠠᠷᠰᠸᠨ ᠣᠨ ᠠᠭᠤᠯᠤᠭᠳᠠᠴᠠ  ᠨᠢ ᠬᠡᠳᠦᠷᠡᠭᠰᠡᠨ ᠪᠠ ᠭᠠᠰᠢᠭᠤᠨ ᠱᠤᠷᠪᠤᠭ ᠤᠰᠤ ᠵᠡᠷᠬᠡ ᠠᠰᠠᠭᠤᠳᠠᠯ ᠢ ᠭᠤᠤᠯᠳᠠᠯᠭ᠎ᠠ ᠳᠠᠢ ᠰᠢᠢᠳᠪᠦᠷᠢᠯᠡᠨ᠎ᠡ ᠃
ᠬᠠᠷᠠᠯᠳᠠ ᠡᠬᠦᠷᠬᠡ ᠄ ᠳᠦᠪᠯᠡᠷᠡᠬᠦᠯᠦᠨ ᠤᠰᠤ ᠬᠠᠩᠭᠠᠬᠤ ᠂ ᠳᠠᠷᠬᠠᠢ ᠤᠤᠭᠤᠬᠤ ᠤᠰᠤᠨ ᠣ ᠠᠮᠤᠷ ᠲᠦᠪᠰᠢᠨ ᠢᠨᠵᠸᠨᠸᠷᠢᠩ ᠢ ᠬᠡᠷᠡᠭᠵᠢᠬᠦᠯᠵᠤ ᠂ 14711 ᠬᠦᠮᠦᠨ ᠣ ᠤᠤᠭᠤᠬᠤ ᠤᠰᠤᠨ ᠣ ᠠᠮᠤᠷ ᠳᠦᠪᠰᠢᠨ ᠣ ᠠᠰᠠᠭᠤᠳᠠᠯ ᠢ ᠰᠢᠢᠳᠪᠦᠷᠢᠯᠡᠨ᠎ᠡ ᠃
ᠠᠰᠢᠭ ᠬᠦᠷᠳᠡᠬᠦ ᠬᠦᠮᠦᠰ ᠄ ᠤᠰᠤ ᠳᠤᠳᠠᠭᠳᠠᠵᠤ ᠪᠠᠶᠢᠭ᠎ᠠ ᠪᠠ ᠤᠰᠤᠨ ᠣ ᠴᠢᠨᠠᠷ  ᠨᠢ ᠬᠢᠷᠢ ᠳᠡᠩᠴᠡᠬᠦ ᠦᠬᠡᠢ ᠤᠷᠤᠨ ᠣ ᠮᠠᠯᠴᠢᠨ ᠲᠠᠷᠢᠶᠠᠴᠢᠳ
4. ᠭᠠᠴᠠᠭ᠎ᠠ ᠳᠤᠰᠬᠤᠨ ᠪᠦᠷᠢ  ᠳᠤ ᠴᠠᠬᠢᠯᠭᠠᠨ ᠨᠡᠪᠳᠡᠷᠡᠬᠦᠯᠬᠦ ᠪᠠ ᠴᠠᠬᠢᠯᠭᠠᠠ ᠳᠤᠤᠷ  ᠢ ᠦᠬᠡᠷᠡᠴᠢᠯᠡᠨ ᠳᠡᠰ ᠳᠡᠪᠰᠢᠬᠦᠯᠬᠦ ᠢᠨᠵᠸᠨᠸᠷᠢᠩ ᠃ ᠪᠦᠳᠦᠬᠡᠨ ᠪᠠᠶᠢᠭᠤᠯᠤᠯᠳᠠ ᠶᠢᠨ ᠰᠢᠨ᠎ᠡ ᠪᠠᠷᠢᠮᠵᠢᠶ᠎ᠠ ᠪᠠ ᠱᠠᠭᠠᠷᠳᠠᠯᠭ᠎ᠠ ᠶᠤᠰᠤᠭᠠᠷ ᠂ ᠦᠬᠡᠷᠡᠴᠢᠯᠡᠬᠡᠳᠦᠢ ᠭᠠᠵᠠᠷ ᠤᠷᠤᠨ ᠣ ᠮᠠᠯᠵᠢᠬᠤ ᠳᠠᠷᠢᠶᠠᠯᠠᠬᠤ ᠤᠷᠤᠨ ᠣ ᠴᠠᠬᠢᠯᠭᠠᠨ ᠳᠤᠤᠷ  ᠳᠤ ᠪᠦᠬᠦ ᠳᠠᠯ᠎ᠠ  ᠪᠠᠷ ᠦᠬᠡᠷᠡᠴᠢᠯᠡᠯᠳᠡ ᠬᠢᠨ᠎ᠡ ︔ ᠨᠢᠬᠡᠨᠳᠡ ᠵᠠᠰᠠᠨ ᠦᠬᠡᠷᠡᠴᠢᠯᠡᠭᠰᠡᠨ ᠪᠤᠯᠪᠠᠴᠤ ᠪᠠᠰᠠ ᠴᠠᠬᠢᠯᠭᠠᠨ ᠬᠠᠩᠭᠠᠬᠤ ᠴᠢᠳᠠᠪᠤᠷᠢ ᠬᠦᠷᠦᠯᠴᠡᠬᠦ ᠦᠬᠡᠢ ᠂ ᠴᠠᠬᠢᠯᠭᠠᠨ ᠬᠠᠩᠭᠠᠬᠤ ᠪᠠᠳᠤᠯᠠᠭᠠᠳᠤ ᠴᠢᠨᠠᠷ  ᠨᠢ ᠳᠤᠤᠷ᠎ᠠ ᠪᠠᠶᠢᠬᠤ ᠠᠰᠠᠭᠤᠳᠠᠯ ᠳᠠᠢ ᠮᠠᠯᠵᠢᠬᠤ ᠳᠠᠷᠢᠶᠠᠯᠠᠬᠤ ᠤᠷᠤᠨ ᠣ ᠴᠠᠬᠢᠯᠭᠠᠨ ᠳᠤᠤᠷ  ᠢ ᠳᠡᠰ ᠳᠡᠪᠰᠢᠬᠦᠯᠵᠤ ᠦᠬᠡᠷᠡᠴᠢᠯᠡᠬᠦ  ᠶᠢᠨ ᠬᠠᠮᠳᠤ ᠂ ᠪᠤᠶᠢᠳᠠ ᠪᠦᠭᠯᠡᠬᠦᠦ ᠮᠠᠯᠵᠢᠬᠤ ᠳᠠᠷᠢᠶᠠᠯᠠᠬᠤ ᠤᠷᠤᠨ ᠣ ᠬᠡᠷᠡᠯ ᠰᠠᠯᠬᠢᠨ ᠢ ᠬᠠᠷᠢᠯᠴᠠᠨ ᠨᠦᠬᠦᠪᠦᠷᠢᠯᠡᠵᠦ ᠴᠠᠬᠢᠯᠭᠠᠨ ᠭᠠᠷᠭᠠᠬᠤ ᠳᠦᠬᠦᠬᠡᠷᠦᠮᠵᠢ ᠵᠢ ᠳᠡᠰ ᠳᠡᠪᠰᠢᠬᠦᠯᠦᠨ᠎ᠡ ᠃
ᠬᠠᠷᠠᠯᠳᠠ ᠡᠬᠦᠷᠬᠡ ᠄ 14 ᠰᠤᠮᠤ ᠪᠠᠯᠭᠠᠰᠤᠨ ᠣ 97 ᠭᠠᠴᠠᠭ᠎ᠠ ᠳᠤᠰᠬᠤᠨ  ᠳᠤ 3096 ᠢᠵᠢ ᠬᠡᠷᠡᠯ ᠰᠠᠯᠬᠢᠨ ᠬᠠᠷᠢᠯᠴᠠᠨ ᠨᠦᠬᠦᠪᠦᠷᠢᠯᠡᠬᠦ ᠰᠢᠰᠲ᠋ᠸᠮ  ᠣᠨ ᠭᠡᠷᠡᠯ ᠴᠠᠬᠢᠯᠭᠠᠨ ᠣ ᠪᠠᠭᠳᠠᠭᠠᠮᠵᠢ ᠵᠢ ᠨᠡᠮᠡᠭᠳᠡᠬᠦᠯᠵᠤ ᠂ 7 ᠰᠤᠮᠤ ᠪᠠᠯᠭᠠᠰᠤᠨ  ᠳᠤ 10 ᠺᠢᠯᠤᠸᠤᠯᠲ ᠂ 0.4 ᠺᠢᠯᠤᠸᠤᠯᠲ ᠣᠨ ᠱᠤᠭᠤᠮ ᠣᠨ ᠳᠡᠰ ᠲᠡᠪᠰᠢᠬᠦᠯᠦᠨ ᠦᠬᠡᠷᠡᠴᠢᠯᠡᠬᠦ ᠵᠢᠴᠢ ᠳᠤᠬᠢᠷᠠᠭᠤᠯᠤᠨ ᠬᠤᠪᠢᠷᠠᠭᠤᠯᠬᠤ ᠢᠨᠵᠸᠨᠸᠷᠢᠩ ᠢ ᠬᠡᠷᠡᠭᠵᠢᠬᠦᠯᠵᠤ ᠂ 55 ᠡᠷᠦᠬᠡ  ᠶᠢᠨ ᠰᠢᠨ᠎ᠡ ᠡᠨᠸᠷᠬᠢ ᠢ ᠬᠤᠪᠢᠷᠠᠭᠤᠯᠤᠨ ᠴᠠᠬᠢᠯᠭᠠᠨ ᠲᠤᠤᠷ  ᠢᠶᠠᠷ ᠴᠠᠬᠢᠯᠭᠠᠨ ᠬᠠᠩᠭᠠᠬᠤ ᠪᠠ ᠬᠢᠯᠢ ᠶᠢᠨ ᠰᠡᠷᠬᠡᠶᠢᠯᠡᠯᠳᠡ ᠶᠢᠨ ᠨᠠᠢᠮᠠᠳᠤᠭᠠᠷ ᠠᠩᠬᠢ ᠶᠢᠨ ᠴᠠᠬᠢᠯᠭᠠᠨ ᠨᠡᠪᠳᠡᠷᠡᠬᠦ ᠢᠨᠵᠸᠨᠸᠷᠢᠩ ᠢ ᠰᠢᠢᠳᠪᠦᠷᠢᠯᠡᠨ ᠂ ᠮᠠᠯᠵᠢᠬᠤ ᠳᠠᠷᠢᠶᠠᠯᠠᠬᠤ ᠤᠷᠤᠨ ᠣ ᠦᠢᠯᠡᠳᠪᠦᠷᠢᠯᠡᠯ ᠠᠮᠢᠳᠤᠷᠠᠯ ᠣᠨ ᠴᠠᠬᠢᠯᠭᠠᠨ ᠬᠡᠷᠡᠭᠰᠡᠬᠦ ᠱᠠᠭᠠᠷᠳᠠᠯᠭ᠎ᠠ ᠶᠢ ᠬᠦᠢᠴᠡᠳ ᠪᠠᠳᠤᠯᠠᠨ᠎ᠠ ᠃
ᠠᠰᠢᠭ ᠬᠦᠷᠳᠡᠬᠦ ᠬᠦᠮᠦᠰ ᠄ ᠪᠦᠬᠦ ᠮᠠᠯᠴᠢᠨ ᠳᠠᠷᠢᠶᠠᠴᠢᠨ ᠃
5. ᠭᠠᠴᠠᠭ᠎ᠠ ᠳᠤᠰᠬᠤᠠ ᠪᠦᠷᠢ  ᠳᠤ ᠷᠠᠳᠢᠥ ᠲᠸᠯᠸᠢᠰ ᠪᠠ ᠴᠢᠮᠡᠭᠡ ᠬᠤᠯᠪᠤᠭ᠎ᠠ ᠨᠡᠪᠳᠡᠷᠡᠬᠦᠯᠬᠦ ᠢᠨᠵᠸᠨᠸᠷᠢᠩ ᠃ ︽ ᠭᠠᠴᠠᠭ᠎ᠠ ᠳᠤᠰᠬᠤᠨ ᠪᠦᠷᠢ  ᠳᠤ ᠨᠡᠪᠳᠡᠷᠡᠬᠦ ︾ ᠳᠠᠭᠠᠭᠤᠯᠢ ᠤᠳᠤᠨ ᠣ ᠬᠤᠷᠢᠶᠠᠬᠤ ᠳᠦᠬᠦᠬᠡᠷᠦᠮᠵᠢ ᠶᠢ ᠳᠡᠰ ᠳᠡᠪᠰᠢᠬᠦᠯᠦᠨ ︽ ᠡᠷᠦᠬᠡ ᠪᠦᠷᠢ  ᠳᠤ ᠨᠡᠪᠳᠡᠷᠡᠬᠦ ︾ ᠳᠠᠭᠠᠭᠤᠯᠢ ᠤᠳᠤᠨ ᠣ ᠬᠤᠷᠢᠶᠠᠬᠤ ᠳᠦᠬᠦᠬᠡᠷᠦᠮᠵᠢ ᠪᠤᠯᠭᠠᠵᠤ ᠂ ᠳᠦᠪ ᠬᠤᠷᠢᠶ᠎ᠠ ᠂ ᠦᠪᠡᠷᠳᠡᠬᠡᠨ ᠵᠠᠰᠠᠬᠤ ᠤᠷᠤᠨ ᠂ ᠠᠯᠠᠱᠠ ᠶᠢᠨ ᠲᠸᠯᠸᠢᠰ ᠢ ᠬᠤᠷᠢᠶᠠᠨ ᠦᠵᠡᠬᠦ ᠠᠰᠠᠭᠤᠳᠠᠯ ᠢ ᠰᠢᠢᠳᠪᠦᠷᠢᠯᠡᠨ᠎ᠡ ︔ ︽ ᠭᠠᠴᠠᠭ᠎ᠠ ᠳᠤᠰᠬᠤᠨ ᠪᠦᠷᠢ  ᠳᠤ ᠷᠠᠳᠢᠣ᠋ ᠨᠡᠪᠳᠡᠷᠡᠬᠦ ︾ ᠢᠨᠵᠸᠨᠸᠷᠢᠩ  ᠪᠠᠷ ᠳᠦᠪ ᠬᠤᠷᠢᠶ᠎ᠠ ᠂ ᠦᠪᠡᠷᠳᠡᠬᠡᠨ ᠵᠠᠰᠠᠬᠤ ᠤᠷᠤᠨ ᠣ ᠷᠠᠳᠢᠤ᠋ ᠢ ᠬᠤᠷᠢᠶᠠᠨ ᠰᠤᠨᠤᠰᠬᠤ ᠠᠰᠠᠭᠤᠳᠠᠯ ᠢ ᠰᠢᠢᠳᠪᠦᠷᠢᠯᠡᠨ᠎ᠡ ︔ ᠠᠶᠢᠯ ᠳᠤᠰᠬᠤᠨ ᠣ ᠰᠦᠯᠵᠢᠶ᠎ᠡ ᠂ ᠳ᠋ᠢᠶᠠᠩᠬᠤᠸᠠ ᠨᠡᠪᠳᠡᠷᠡᠬᠦ ᠶᠢ ᠯᠠᠪᠳᠠᠭᠤᠨ ᠢᠶᠠᠷ ᠠᠬᠢᠭᠤᠯᠤᠨ᠎ᠠ ᠃
ᠬᠠᠷᠠᠯᠳᠠ ᠡᠬᠦᠷᠬᠡ ᠄ 95 ᠭᠠᠴᠠᠭ᠎ᠠ ᠳᠤᠰᠬᠤᠨ ᠣ 2480 ᠡᠷᠦᠬᠡ  ᠳᠤ ᠭᠠᠴᠠᠭ᠎ᠠ ᠳᠤᠰᠬᠤᠨ ᠪᠦᠷᠢ  ᠳᠤ ᠨᠡᠪᠳᠡᠷᠡᠬᠦ ᠲᠸᠯᠸᠢᠰ ᠣᠨ ᠳᠦᠬᠦᠬᠡᠷᠦᠮᠵᠢ ᠶᠢ ᠤᠭᠰᠠᠷᠠᠵᠤ ᠂ 114 ᠭᠠᠴᠠᠭ᠎ᠠ ᠳᠤᠰᠬᠤᠨ  ᠳᠤ ᠭᠠᠴᠠᠭ᠎ᠠ ᠳᠤᠰᠬᠤᠨ ᠪᠦᠷᠢ  ᠳᠤ ᠷᠠᠳᠢᠤ᠋ ᠨᠡᠪᠳᠡᠷᠡᠬᠦ ᠪᠦᠳᠦᠬᠡᠨ ᠪᠠᠶᠢᠭᠤᠯᠤᠯᠳᠠ ᠪᠠ 3 ᠰᠠᠤᠷᠢ ᠳᠤᠭᠠᠴᠢᠯᠠᠭᠰᠠᠨ ᠲᠸᠯᠸᠢᠰ ᠣᠨ ᠳᠠᠮᠵᠢᠭᠤᠯᠤᠨ ᠬᠤᠷᠢᠶᠠᠬᠤ ᠦᠷᠳᠡᠬᠡᠨ ᠣ ᠪᠠᠶᠢᠭᠤᠯᠤᠯᠳᠠ ᠶᠢ ᠬᠡᠷᠡᠭᠵᠢᠬᠦᠯᠵᠤ ᠂ ᠪᠦᠬᠦ ᠳᠠᠯ᠎ᠠ  ᠪᠠᠷ ᠪᠡᠶᠡᠯᠡᠬᠦᠯᠦᠨ᠎ᠡ ᠃

6. ᠰᠤᠷᠭᠠᠭᠤᠯᠢ  ᠶᠢᠨ ᠪᠠᠶᠢᠷᠢ  ᠶᠢᠨ ᠪᠦᠳᠦᠬᠡᠨ ᠪᠠᠶᠢᠭᠤᠯᠤᠯᠳᠠ ᠪᠤᠯᠤᠨ ᠠᠮᠤᠷ ᠲᠦᠪᠰᠢᠨ ᠪᠤᠯᠭᠠᠵᠤ ᠦᠬᠡᠷᠡᠴᠢᠯᠡᠨ ᠪᠠᠶᠢᠭᠤᠯᠬᠤ ᠢᠨᠵᠸᠨᠸᠷᠢᠩ ᠃ ᠮᠠᠯᠵᠢᠬᠤ ᠲᠠᠷᠢᠶᠠᠯᠠᠬᠤ ᠤᠷᠤᠨ ᠣ ᠰᠤᠷᠤᠭᠴᠢᠳ ᠣᠨ ᠰᠣᠷᠭᠠᠭᠤᠯᠢ  ᠳᠣ ᠤᠷᠤᠬᠤ ᠳ᠋ᠣ ᠬᠦᠴᠢᠷ ᠂ ᠰᠤᠷᠤᠯᠴᠠᠬᠤ ᠨᠦᠬᠦᠴᠡᠯ ᠠᠨᠠᠢ ᠠᠰᠠᠭᠤᠳᠠᠯ ᠢ ᠦᠨᠡᠨᠬᠦ ᠰᠢᠢᠳᠪᠦᠷᠢᠯᠡᠨ᠎ᠡ ᠃ ᠨᠢᠬᠡᠨᠳᠡ ᠭᠡᠷᠡᠭᠵᠢᠬᠦᠯᠦᠭᠰᠡᠨ ᠰᠤᠷᠭᠠᠭᠤᠯᠢ  ᠶᠢᠨ ᠪᠠᠶᠢᠷᠢ ᠶᠢᠨ ᠪᠦᠳᠦᠬᠡᠨ ᠪᠠᠶᠢᠭᠤᠯᠤᠯᠳᠠ ᠵᠢᠴᠢ ᠠᠮᠤᠷ ᠲᠦᠪᠰᠢᠨ ᠪᠤᠯᠭᠠᠵᠤ ᠦᠬᠡᠷᠡᠴᠢᠯᠡᠨ ᠪᠠᠶᠢᠭᠤᠯᠬᠤ ᠢᠨᠵᠸᠨᠸᠷᠢᠩ  ᠣᠨ ᠰᠠᠭᠤᠷᠢᠨ ᠲᠡᠭᠡᠷ᠎ᠡ ᠂ ᠲᠤᠰᠬᠤᠨ ᠪᠠᠯᠭᠠᠰᠤᠨ  ᠣ ᠪᠦᠳᠦᠬᠡᠨ ᠪᠠᠶᠢᠭᠤᠯᠤᠯᠳᠠ  ᠶᠢᠨ ᠲᠦᠯᠦᠪᠵᠢᠬᠦᠯᠬᠡ ᠂ ᠬᠦᠮᠦᠨ ᠠᠮᠠ  ᠶᠢᠨ ᠨᠡᠬᠦᠳᠡᠯᠯᠡᠬᠦ ᠬᠠᠨᠳᠤᠰᠢ ᠪᠤᠯᠤᠨ ᠰᠤᠷᠭᠠᠭᠤᠯᠢ ᠶᠢᠨ ᠪᠠᠶᠢᠷᠢᠰᠢᠯᠳᠠ ᠵᠢ ᠦᠨᠳᠦᠰᠦᠯᠡᠨ ᠂ ᠬᠡᠷᠡᠭᠯᠡᠵᠦ ᠬᠦᠢᠴᠡᠬᠦ ᠠᠰᠢᠭᠯᠠᠵᠤ ᠲᠡᠶᠢᠯᠬᠦ ᠵᠠᠷᠴᠢᠮ ᠶᠤᠰᠤᠭᠠᠷ ᠂ ᠭᠠᠴᠠᠭ᠎ᠠ ᠲᠤᠰᠬᠤᠨ  ᠣ ᠬᠡᠤᠬᠡᠳ  ᠣᠨ ᠴᠡᠴᠡᠷᠯᠢᠭ  ᠢ ᠰᠤᠷᠭᠠᠭᠤᠯᠢ  ᠶᠢᠨ ᠪᠠᠶᠢᠷᠢ  ᠶᠢᠨ ᠬᠡᠷ  ᠣᠨ ᠠᠮᠤᠷ ᠲᠦᠪᠰᠢᠨ ᠣ ᠢᠨᠵᠸᠨᠸᠷᠢᠩ ᠳᠣ ᠤᠷᠤᠭᠤᠯᠤᠨ ᠵᠡᠷᠭᠡᠪᠡᠷ ᠬᠡᠷᠡᠭᠵᠢᠬᠦᠯᠦᠨ᠎ᠡ ᠃
ᠬᠠᠷᠠᠯᠳᠠ ᠡᠬᠦᠷᠬᠡ ᠄ ᠪᠠᠷᠠᠭᠤᠨ ᠪᠡᠯ ᠪᠠᠯᠭᠠᠰᠤ ᠂ ᠤᠨᠳᠤᠷᠤᠯᠳᠤ ᠪᠠᠯᠭᠠᠰᠤ ᠂ ᠤᠯᠠᠨᠪᠤᠯᠠᠭ ᠪᠠᠯᠭᠠᠰᠤᠨ  ᠣ 3 ᠬᠡᠤᠬᠡᠳ  ᠣᠨ ᠴᠡᠴᠡᠷᠯᠢᠭ  ᠢ ᠰᠢᠨ᠎ᠡ  ᠪᠠᠷ ᠪᠠᠶᠢᠭᠤᠯᠵᠤ ᠂ ᠶᠡᠷᠦᠩᠬᠡᠶᠢᠯᠡᠭᠰᠡᠨ ᠵᠢᠭᠠᠨ ᠰᠤᠷᠭᠠᠯᠳᠠ  ᠶᠢᠨ ᠠᠰᠠᠷ ᠪᠦᠷᠢ  ᠶᠢᠨ ᠲᠠᠯᠠᠪᠠᠢ  ᠨᠢ 2200 ᠲᠡᠭᠰᠢ ᠲᠦᠷᠪᠡᠯᠵᠢᠨ ᠮᠸᠲ᠋ᠷ ᠪᠤᠯᠤᠨ᠎ᠠ ᠃
ᠠᠰᠢᠭ ᠬᠦᠷᠳᠡᠬᠦ ᠬᠦᠮᠦᠰ ᠄ ᠬᠡᠤᠬᠡᠳ  ᠣᠨ ᠴᠡᠴᠡᠷᠯᠢᠭ ᠪᠠᠶᠢᠭᠤᠯᠤᠭᠰᠠᠨ ᠭᠠᠵᠠᠷ ᠤᠷᠤᠨ  ᠣ ᠮᠠᠯᠴᠢᠨ ᠲᠠᠷᠢᠶᠠᠴᠢᠳ
7. ᠭᠠᠴᠠᠭ᠎ᠠ ᠲᠤᠰᠬᠤᠨ  ᠣ ᠪᠠᠷᠢᠮᠵᠢᠶᠠᠵᠢᠭᠰᠠᠨ ᠡᠷᠡᠬᠦᠯ ᠬᠠᠮᠠᠭᠠᠯᠠᠯ  ᠣᠨ ᠲᠠᠰᠤᠭ  ᠣᠨ ᠢᠨᠵᠸᠨᠸᠷᠢᠩ ᠃ ᠬᠠᠮᠤᠷᠤᠭᠳᠠᠵᠤ ᠪᠠᠶᠢᠭ᠎ᠠ ᠬᠦᠮᠦᠨ ᠠᠮᠠ  ᠶᠢᠨ ᠲᠤᠭ᠎ᠠ ᠪᠠ ᠬᠡᠮᠵᠢᠶ᠎ᠡ ᠵᠢ ᠦᠨᠳᠦᠰᠦᠯᠡᠨ ᠂ ︽ ᠲᠤᠭᠳᠠᠮᠠᠯ ᠪᠤᠯᠤᠨ ᠬᠦᠳᠡᠯᠦᠩᠬᠦᠢ ᠵᠢ ᠬᠠᠷᠢᠯᠴᠠᠨ ᠤᠶᠠᠯᠳᠤᠭᠤᠯᠵᠤ ᠂ ᠪᠠᠯᠭᠠᠰᠣ ᠲᠤᠰᠬᠤᠨ  ᠢ ᠨᠢᠬᠡ ᠴᠤᠭᠴᠠᠵᠢᠭᠤᠯᠤᠨ ᠬᠠᠮᠢᠶᠠᠷᠬᠤ ︾ ᠵᠠᠷᠴᠢᠮ ᠶᠤᠰᠤᠭᠠᠷ ᠂ ᠪᠠᠷᠢᠮᠵᠢᠶᠠᠵᠢᠭᠰᠠᠨ ᠭᠠᠴᠠᠭ᠎ᠠ ᠲᠤᠰᠬᠤᠨ  ᠣ ᠡᠷᠡᠬᠦᠯ ᠬᠠᠮᠠᠭᠠᠯᠠᠯ  ᠣᠨ ᠲᠠᠰᠤᠭ  ᠢ ᠪᠦᠳᠦᠬᠡᠨ ᠪᠠᠶᠢᠭᠤᠯᠵᠤ ᠂ ᠬᠦᠮᠦᠨ ᠂ ᠬᠡᠷ ᠪᠠᠶᠢᠰᠢᠩ ᠂ ᠲᠦᠬᠦᠬᠡᠷᠦᠮᠵᠢ ᠬᠠᠷᠢᠯᠴᠠᠨ ᠢᠵᠢ ᠪᠦᠷᠢᠳᠦᠨ ᠂ ᠬᠠᠳᠠᠭᠤ ᠲᠤᠨᠤᠭ  ᠢ ᠪᠠᠷᠢᠮᠵᠢᠶᠠᠵᠢᠭᠤᠯᠵᠤ ᠂ ᠵᠦᠬᠡᠯᠡᠨ ᠲᠤᠨᠤᠭ ᠢ ᠲᠦᠷᠢᠮᠵᠢᠬᠦᠯᠦᠨ ᠂ ᠦᠨᠳᠦᠰᠦᠨ ᠱᠠᠳᠤᠨ ᠣ ᠡᠮ ᠡᠮᠨᠡᠯᠬᠡ ᠡᠷᠡᠬᠦᠯ ᠬᠠᠮᠠᠭᠠᠯᠠᠯ  ᠣᠨ ᠦᠢᠯᠡᠴᠢᠯᠡᠬᠡᠨ ᠣ ᠬᠢᠷᠢ ᠲᠦᠪᠰᠢᠨ  ᠢ ᠲᠡᠭᠡᠭᠰᠢᠯᠡᠬᠦᠯᠵᠦ ᠂ ᠮᠠᠯᠴᠢᠨ ᠲᠠᠷᠢᠶᠠᠴᠢᠨ ᠤᠯᠠᠨ ᠲᠦᠮᠡᠨ ᠳ᠋ᠣ ᠠᠮᠤᠷ ᠲᠦᠪᠰᠢᠨ ᠂ ᠪᠦᠳᠦᠮᠵᠢᠳᠡᠢ ᠂ ᠲᠦᠬᠦᠮ ᠲᠦᠳᠡ ᠂ ᠬᠢᠮᠳᠡ ᠲᠤᠬᠢᠯᠢᠭ ᠨᠡᠶᠢᠳᠡ  ᠶᠢᠨ ᠡᠷᠡᠬᠦᠯ ᠬᠠᠮᠠᠭᠠᠯᠠᠯ ᠪᠤᠯᠤᠨ ᠦᠨᠳᠦᠰᠦᠨ ᠡᠮ ᠡᠮᠨᠡᠯᠬᠡ  ᠶᠢᠨ ᠦᠢᠯᠡᠴᠢᠯᠡᠬᠡ ᠵᠢ ᠬᠠᠩᠭᠠᠨ᠎ᠠ ᠃
ᠬᠠᠷᠠᠯᠳᠠ ᠡᠬᠦᠷᠬᠡ ᠄ 34 ᠭᠠᠴᠠᠭ᠎ᠠ ᠲᠤᠰᠬᠤᠨ ᠣ ᠪᠠᠷᠢᠮᠵᠢᠶᠠᠵᠢᠭᠰᠠᠨ ᠡᠷᠡᠬᠦᠯ ᠬᠠᠮᠠᠭᠠᠯᠠᠯ  ᠣᠨ ᠲᠠᠰᠤᠭ  ᠢ ᠪᠠᠶᠢᠭᠤᠯᠵᠤ ︵ ᠡᠬᠦᠨ  ᠣ ᠲᠤᠳᠤᠷ᠎ᠠ 17 ᠬᠦᠳᠡᠯᠦᠩᠬᠦᠢ ᠡᠷᠡᠬᠦᠯ ᠬᠠᠮᠠᠭᠠᠯᠠᠯ ᠣᠨ ᠲᠠᠰᠤᠭ ︶ ᠂ ᠮᠠᠯᠵᠢᠬᠤ ᠲᠠᠷᠢᠶᠠᠯᠠᠬᠤ ᠤᠷᠤᠨ  ᠣ ᠨᠡᠶᠢᠳᠡ 2287 ᠡᠷᠦᠬᠡ ᠂ 6688 ᠬᠦᠮᠦᠨ  ᠣ ᠦᠨᠳᠦᠰᠦᠨ ᠡᠮᠳᠦ ᠪᠤᠳᠠᠰ ᠪᠤᠯᠤᠨ ᠡᠮᠴᠢᠯᠡᠬᠡ ᠬᠢᠬᠦ ᠦᠢᠯᠡᠴᠢᠯᠡᠬᠡ ᠵᠢ ᠰᠢᠢᠳᠪᠦᠷᠢᠯᠡᠨ᠎ᠡ ᠃
ᠠᠰᠢᠭ ᠬᠦᠷᠳᠡᠬᠦ ᠬᠦᠮᠦᠰ ᠄ ᠪᠦᠬᠦ ᠮᠠᠯᠴᠢᠨ ᠲᠠᠷᠢᠶᠠᠴᠢᠨ
8. ᠭᠠᠴᠠᠭ᠎ᠠ ᠲᠤᠰᠬᠤᠨ  ᠣ ᠰᠤᠶᠣᠯ ᠣᠨ ᠠᠵᠢᠯᠯᠠᠭᠠᠨ ᠣ ᠲᠠᠰᠤᠭ  ᠣᠨ ᠢᠨᠵᠸᠨᠸᠷᠢᠩ ᠃ ᠭᠠᠴᠠᠭ᠎ᠠ ᠲᠤᠰᠬᠤᠨ  ᠨᠢ ᠰᠤᠯᠠ ᠪᠠᠶᠢᠭ᠎ᠠ ᠬᠠᠮᠳᠤ ᠨᠡᠶᠢᠳᠡ  ᠶᠢᠨ ᠬᠡᠷ ᠪᠠᠶᠢᠰᠢᠩ ᠂ ᠲᠠᠯ᠎ᠠ ᠨᠤᠳᠤᠭ ᠣᠨ ᠨᠤᠮ  ᠣᠨ ᠦᠷᠦᠬᠡ ᠂ ᠨᠠᠮ  ᠣᠨ ᠬᠡᠰᠢᠬᠦᠨ  ᠣ ᠠᠵᠢᠯᠯᠠᠭᠠᠨ ᠣ ᠲᠠᠰᠤᠭ ᠵᠡᠷᠬᠡ ᠡᠬᠢ ᠪᠠᠶᠠᠯᠢᠭ ᠲᠣ ᠲᠦᠰᠢᠭᠯᠡᠵᠦ ᠂ ᠰᠤᠶᠤᠯ ᠣᠨ ᠠᠵᠢᠯᠯᠠᠭᠠᠨ ᠣ ᠲᠠᠰᠤᠭ  ᠣᠨ ᠪᠦᠳᠦᠬᠡᠨ ᠪᠠᠶᠢᠭᠤᠯᠤᠯᠳᠠ  ᠶᠢᠨ ᠭᠠᠵᠠᠷ  ᠢ ᠵᠦᠢ ᠵᠤᠬᠢᠰᠳᠠᠢ  ᠪᠠᠷ ᠲᠤᠭᠳᠠᠭᠠᠨ ᠂ ᠡᠯᠪᠡᠭ ᠪᠠᠶᠠᠯᠢᠭ ᠠᠭᠤᠯᠭ᠎ᠠ  ᠲᠠᠢ ᠮᠠᠯᠴᠢᠨ ᠲᠠᠷᠢᠶᠠᠴᠢᠨ  ᠣ ᠰᠤᠶᠤᠯ  ᠣᠨ ᠠᠵᠢᠯᠯᠠᠭᠠᠨ ᠢ ᠦᠷᠨᠢᠬᠦᠯᠵᠦ ᠂ ᠮᠠᠯᠴᠢᠨ ᠲᠠᠷᠢᠶᠠᠴᠢᠨ  ᠣ ᠡᠳᠦᠷ ᠢᠷᠡᠬᠦᠶ᠎ᠡ ᠨᠡᠮᠡᠭᠳᠡᠵᠦ ᠪᠠᠶᠢᠭ᠎ᠠ ᠰᠤᠶᠤᠯ  ᠣᠨ ᠱᠠᠭᠠᠷᠳᠠᠯᠭ᠎ᠠ ᠵᠢ ᠬᠠᠩᠭᠠᠨ᠎ᠠ ᠃
ᠬᠠᠷᠠᠯᠳᠠ ᠡᠬᠦᠷᠬᠡ ᠄ 14 ᠰᠤᠮᠤ ᠪᠠᠯᠭᠠᠰᠤᠨ  ᠣ 123 ᠭᠠᠴᠠᠭ᠎ᠠ ᠲᠤᠰᠬᠤᠨ  ᠳᠣ 5000 ᠲᠦᠬᠦᠷᠢᠭ  ᠣᠨᠦᠷᠳᠡᠭ ᠪᠦᠬᠦᠢ ᠰᠤᠶᠤᠯ  ᠣᠨ ᠲᠦᠬᠦᠬᠡᠷᠦᠮᠵᠢ ᠵᠢ ᠪᠦᠷᠢᠳᠦᠬᠦᠯᠵᠦ ᠂ ᠬᠦᠳᠡᠬᠡ ᠲᠤᠰᠬᠤᠨ ᠮᠠᠯᠵᠢᠬᠤ ᠤᠷᠤᠨ  ᠣ ᠰᠤᠶᠤᠯ  ᠣᠨ ᠠᠵᠢᠯᠯᠠᠭᠠᠨ  ᠣ ᠲᠠᠰᠤᠭ  ᠢ ᠪᠦᠬᠦᠨ  ᠢ ᠪᠦᠷᠬᠦᠬᠦᠯᠦᠨ᠎ᠡ ᠃
ᠠᠰᠢᠭ ᠬᠦᠷᠳᠡᠬᠦ ᠬᠦᠮᠦᠰ ᠄ ᠪᠦᠬᠦ ᠮᠠᠯᠴᠢᠨ ᠲᠠᠷᠢᠶᠠᠴᠢᠨ ᠃
9. ᠠᠷᠠᠳ ᠲᠣ ᠲᠦᠬᠦᠮ ᠦᠵᠡᠬᠦᠯᠬᠦ ᠬᠡᠯᠬᠢᠶ᠎ᠡ ᠬᠡᠳᠦ ᠲᠡᠯᠬᠡᠬᠦᠷ ᠵᠢᠴᠢ ᠲᠠᠸᠠᠷ ᠲᠤᠬᠢᠷᠠᠭᠤᠯᠤᠨ ᠬᠦᠷᠬᠡᠬᠦ ᠲᠦᠪ  ᠣᠨ ᠢᠨᠵᠸᠨᠸᠷᠢᠩ ᠃ ᠪᠤᠳᠠᠳᠤ ᠪᠠᠶᠢᠳᠠᠯ  ᠢ ᠦᠨᠳᠦᠰᠦᠯᠡᠨ ᠂ ︽ ᠲᠦᠮᠡ ᠮᠢᠩᠭᠠᠨ ᠲᠤᠰᠬᠤᠨ ︾  ᠣ ᠵᠠᠬ᠎ᠠ ᠲᠡᠯᠬᠡᠬᠦᠷ  ᠣᠨ ᠢᠨᠵᠸᠨᠸᠷᠢᠩ ᠪᠤᠯᠤᠨ ︽ ᠰᠢᠨ᠎ᠡ ᠲᠤᠤᠷ  ᠣᠨ ᠢᠨᠵᠸᠨᠸᠷᠢᠩ ︾  ᠲᠠᠢ ᠤᠶᠠᠯᠳᠤᠭᠤᠯᠤᠨ ᠂ ᠡᠵᠡᠩᠨᠡᠭᠴᠢᠳ ᠠᠷᠠᠳ  ᠲᠣ ᠲᠦᠬᠦᠮ ᠦᠵᠡᠬᠦᠯᠬᠦ ᠬᠡᠯᠬᠢᠶ᠎ᠡ ᠬᠡᠳᠦ ᠲᠡᠯᠬᠡᠬᠦᠷ  ᠢ ᠦᠭᠡᠷᠡᠴᠢᠯᠡᠨ ᠪᠠᠶᠢᠭᠤᠯᠬᠤ ᠡᠰᠡᠬᠦᠯ᠎ᠡ ᠰᠢᠨ᠎ᠡ  ᠪᠠᠷ ᠪᠠᠶᠢᠭᠤᠯᠬᠤ ᠵᠢ ᠵᠤᠷᠢᠭᠵᠢᠭᠤᠯᠤᠨ ᠲᠡᠮᠵᠢᠵᠦ ᠂ ᠪᠦᠬᠦ ᠬᠤᠰᠢᠭᠤᠨ  ᠣ ᠰᠢᠨ᠎ᠡ ᠬᠦᠳᠡᠬᠡ ᠲᠤᠰᠬᠤᠨ  ᠣ ᠤᠳᠤᠬᠢᠴᠢᠯᠠᠭᠰᠠᠨ ᠬᠦᠢᠯᠬᠡᠯᠡᠬᠦ ᠲᠤᠭᠳᠠᠴᠠ ᠵᠢ ᠠᠯᠬᠤᠮ ᠠᠯᠬᠤᠮ  ᠢᠶᠠᠷ ᠪᠠᠶᠢᠭᠤᠯᠤᠨ ᠂ ᠬᠦᠳᠡᠬᠡ ᠲᠤᠰᠬᠤᠨ  ᠣ ᠵᠠᠬ᠎ᠠ ᠲᠡᠯᠬᠡᠬᠦᠷ  ᠢ ᠨᠡᠬᠡᠬᠡᠵᠦ ᠂ ᠮᠠᠯᠵᠢᠬᠤ ᠲᠠᠷᠢᠶᠠᠯᠠᠬᠤ ᠤᠷᠤᠨ  ᠣ ᠬᠡᠷᠡᠭᠯᠡᠬᠡ ᠵᠢ ᠶᠡᠬᠡᠰᠬᠡᠵᠦ ᠂ ᠮᠠᠯᠵᠢᠬᠤ ᠲᠠᠷᠢᠶᠠᠯᠠᠬᠤ ᠤᠷᠤᠨ  ᠣ ᠬᠡᠷᠡᠭᠯᠡᠬᠡᠨ  ᠣ ᠠᠮᠤᠷ ᠲᠦᠪᠰᠢᠨ ᠂ ᠲᠦᠬᠦᠮ ᠲᠦᠳᠡ ᠵᠢ ᠪᠠᠳᠤᠯᠠᠨ᠎ᠠ ᠃
ᠬᠠᠷᠠᠯᠳᠠ ᠡᠬᠦᠷᠬᠡ ᠄ ᠪᠠᠶᠠᠨᠬᠤᠳᠠ ᠪᠠᠯᠭᠠᠰᠤᠨ  ᠣ 1 ᠲᠠᠸᠠᠷ ᠲᠤᠬᠢᠷᠠᠭᠤᠯᠤᠨ ᠬᠦᠷᠬᠡᠬᠦ ᠲᠦᠪ  ᠢ ᠪᠠᠶᠢᠭᠤᠯᠤᠨ᠎ᠠ ︔ ᠭᠠᠴᠠᠭ᠎ᠠ ᠲᠤᠰᠬᠤᠨ  ᠣ ᠠᠷᠠᠳ ᠲᠣ ᠲᠦᠬᠦᠮ ᠦᠵᠡᠬᠦᠯᠬᠦ 22 ᠬᠡᠳᠦ ᠲᠡᠯᠬᠡᠬᠦᠷ  ᠢ ᠦᠬᠡᠷᠡᠴᠢᠯᠡᠨ ᠪᠠᠶᠢᠭᠤᠯᠤᠨ᠎ᠠ ᠃

10. ᠬᠦᠳᠡᠭᠡ ᠲᠤᠰᠬᠤᠨ ᠮᠠᠯᠵᠢᠬᠤ ᠤᠷᠤᠨ  ᠣ ᠨᠡᠶᠢᠬᠡᠮ  ᠣᠨ ᠪᠠᠳᠤᠯᠠᠭᠠᠨ  ᠣ ᠢᠨᠵᠸᠨᠸᠷᠢᠩ ᠃ ᠮᠠᠯᠵᠢᠬᠤ ᠲᠠᠷᠢᠶᠠᠯᠠᠬᠤ ᠤᠷᠤᠨ  ᠳᠣ ᠦᠨᠳᠦᠰᠦᠨ ᠨᠠᠰᠤᠵᠢᠯ ᠂ ᠦᠨᠳᠦᠰᠦᠨ ᠡᠮ ᠡᠮᠨᠡᠯᠬᠡ ᠂ ᠬᠠᠮᠤᠭ  ᠣᠨ ᠲᠤᠤᠷ᠎ᠠ ᠠᠮᠢᠳᠤᠷᠠᠯ  ᠣᠨ ᠪᠠᠳᠤᠯᠠᠭ᠎ᠠ  ᠪᠠᠷ ᠭᠤᠤᠯᠳᠠᠯᠭ᠎ᠠ ᠪᠤᠯᠭᠠᠭᠰᠠᠨ ᠨᠡᠶᠢᠬᠡᠮ  ᠣᠨ ᠪᠠᠳᠤᠯᠠᠭᠠᠨ  ᠣ ᠲᠤᠭᠳᠠᠯᠴᠠᠭ᠎ᠠ ᠵᠢ ᠪᠠᠶᠢᠭᠤᠯᠵᠤ ᠂ ᠦᠷᠬᠡᠨ ᠤᠯᠠᠨ ᠮᠠᠯᠴᠢᠨ ᠲᠠᠷᠢᠶᠠᠴᠢᠨ  ᠢ ᠦᠳᠡᠯᠦᠬᠡ ᠨᠠᠰᠤᠨ  ᠳᠣ  ᠨᠢ ᠠᠰᠠᠷᠠᠮᠵᠢ  ᠲᠠᠢ ᠂ ᠡᠪᠡᠳᠴᠢᠨ ᠡᠮᠬᠡᠭ  ᠲᠣ ᠨᠡᠷᠪᠡᠭᠳᠡᠪᠡᠯ ᠡᠮᠴᠢᠯᠡᠬᠡ  ᠲᠠᠢ ᠂ ᠠᠮᠢᠳᠤᠷᠠᠯ  ᠢ  ᠨᠢ ᠪᠠᠳᠤᠯᠠᠭ᠎ᠠ  ᠲᠠᠢ ᠪᠤᠯᠭᠠᠨ᠎ᠠ ᠃ ︽ ᠰᠢᠨ᠎ᠡ ᠬᠡᠯᠪᠡᠷᠢ  ᠶᠢᠨ ᠬᠦᠳᠡᠭᠡ ᠲᠤᠰᠬᠤᠨ  ᠣ ᠲᠠᠭᠠᠳᠬᠠᠯ ︾ ᠂ ︽ ᠰᠢᠨ᠎ᠡ ᠬᠡᠯᠪᠡᠷᠢ  ᠶᠢᠨ ᠬᠤᠷᠰᠢᠭᠰᠠᠨ ᠡᠮᠨᠡᠯᠬᠡ ︾ ᠂ ︽ ᠬᠠᠮᠤᠭ  ᠣᠨ ᠲᠤᠤᠷ᠎ᠠ ᠠᠮᠢᠳᠤᠷᠠᠯ  ᠣᠨ ᠪᠠᠳᠤᠯᠠᠭ᠎ᠠ ︾ ᠵᠡᠷᠬᠡ ᠲᠦᠷᠢᠮ  ᠢᠶᠠᠷ ᠲᠠᠮᠵᠢᠵᠤ ᠂ ᠪᠠᠳᠤᠯᠠᠭᠠᠨ  ᠣ ᠬᠦᠮᠦᠨ ᠠᠮᠠ  ᠶᠢᠨ ᠶᠡᠷᠦᠩᠬᠡᠢ ᠬᠡᠮᠵᠢᠶ᠎ᠡ ᠵᠢ ᠦᠨᠳᠦᠰᠦᠨ  ᠳᠡᠬᠡᠨ ᠲᠤᠭᠳᠠᠪᠤᠷᠢᠳᠠᠢ ᠪᠠᠶᠢᠯᠭᠠᠬᠤ ᠵᠢ ᠪᠠᠳᠤᠯᠠᠭᠰᠠᠨ ᠰᠠᠭᠤᠷᠢᠨ ᠲᠡᠭᠡᠷ᠎ᠡ ᠂ ᠬᠦᠳᠡᠯᠦᠩᠬᠦᠢ ᠬᠠᠮᠢᠶᠠᠷᠤᠯᠳᠠ ᠵᠢ ᠴᠢᠩᠭᠠᠳᠬᠠᠵᠤ ᠂ ᠪᠠᠳᠤᠯᠠᠬᠤ ᠶᠤᠰᠤᠳᠠᠢ ᠵᠢ ᠪᠦᠬᠦᠳᠡ ᠵᠢ ᠪᠠᠳᠤᠯᠠᠨ᠎ᠠ ᠃
ᠬᠠᠷᠠᠯᠳᠠ ᠡᠬᠦᠷᠬᠡ ᠄ ᠬᠤᠳᠠ ᠪᠠᠯᠭᠠᠰᠤᠨ  ᠣ ᠰᠠᠭᠤᠭᠠᠯᠢ ᠠᠷᠠᠳ  ᠣᠨ ᠨᠠᠰᠤᠵᠢᠯ  ᠣᠨ ᠲᠠᠭᠠᠳᠬᠠᠯ  ᠣᠨ ᠨᠠᠰᠤᠨ  ᠳᠣ ᠬᠦᠷᠦᠭᠰᠡᠳ  ᠣᠨ ᠪᠠᠷᠢᠮᠵᠢᠶ᠎ᠠ ᠵᠢ ᠦᠰᠬᠡᠬᠦ ᠨᠦᠬᠦᠪᠦᠷᠢ ᠪᠤᠯᠤᠨ ᠦᠨᠳᠦᠷ ᠨᠠᠰᠤᠵᠢᠯ  ᠣᠨ ᠨᠦᠬᠦᠪᠦᠷᠢ  ᠶᠢᠨ ᠬᠡᠪ  ᠣᠨ ᠪᠠᠶᠢᠳᠠᠯ  ᠣᠨ ᠠᠵᠢᠯ  ᠢ ᠨᠠᠶᠢᠳᠠᠪᠤᠷᠢᠵᠢᠭᠤᠯᠵᠤ ᠂ ᠰᠠᠷ᠎ᠠ ᠪᠤᠯᠭᠠᠨ ᠲᠤᠭᠳᠠᠭᠰᠠᠨ ᠴᠠᠭ  ᠲᠤᠨᠢ ᠲᠤᠭ᠎ᠠ ᠶᠤᠰᠤᠭᠠᠷ ᠲᠠᠷᠬᠠᠭᠠᠬᠤ ᠵᠢ ᠪᠠᠳᠤᠯᠠᠨ᠎ᠠ ᠃

ᠳᠤᠮᠳᠠᠳᠤ ᠤᠯᠤᠰ ᠣᠨ ᠡᠪ ᠬᠠᠮᠳᠤ ᠨᠠᠮ ᠣᠨ ᠠᠯᠠᠱᠠ ᠵᠡᠬᠦᠨ ᠬᠤᠰᠢᠭᠤᠨ ᠣ ᠬᠤᠷᠢᠶ᠎ᠠ  ᠶᠢᠨ ᠮᠠᠯᠵᠢᠬᠤ ᠳᠠᠷᠢᠶᠠᠯᠠᠬᠤ ᠤᠷᠤᠠ  ᠤ ᠠᠵᠢᠯ ᠣᠨ ᠤᠬᠠᠭᠤᠯᠭ᠎ᠠ ᠶᠢᠨ ᠭᠠᠷ ᠳᠡᠪᠳᠡᠷ      ᠮᠠᠯᠵᠢᠬᠤ ᠳᠠᠷᠢᠶᠠᠯᠠᠬᠤ ᠤᠷᠤᠨ ᠣ ︽ ᠠᠷᠪᠠ  ᠶᠢ ᠪᠦᠷᠬᠦᠬᠦᠯᠬᠦ ︾ ᠢᠨᠵᠸᠨᠸᠷᠢᠡᠭ

ᠨᠡᠶᠢᠬᠡᠮ ᠵᠢᠷᠤᠮ ᠣᠨ ᠰᠢᠨ᠎ᠡ ᠮᠠᠯᠵᠢᠬᠤ ᠤᠷᠤᠨ ᠰᠢᠨ᠎ᠡ ᠬᠦᠳᠡᠬᠡ ᠳᠤᠰᠬᠤᠨ ᠣ ᠪᠦᠳᠦᠬᠡᠨ ᠪᠠᠶᠢᠭᠤᠯᠤᠯᠳᠠ ᠶᠢᠨ ᠶᠡᠷᠦᠩᠬᠡᠢ ᠱᠠᠭᠠᠷᠳᠠᠯᠭ᠎ᠠ ᠄
ᠦᠢᠯᠡᠳᠪᠦᠷᠢᠯᠡᠯ  ᠬᠦᠭᠵᠢᠭᠰᠡᠨ ᠂ ᠠᠮᠢᠳᠤᠷᠠᠯ ᠴᠢᠨᠡᠬᠡᠯᠢᠭ ᠂ ᠨᠤᠳᠤᠭ ᠣᠨ ᠵᠠᠩᠰᠢᠯ ᠪᠤᠯᠪᠠᠰᠤᠨ ᠂ ᠳᠤᠰᠬᠤᠨ  ᠣ ᠲᠦᠷᠬᠦ ᠴᠡᠪᠡᠷ ᠳᠡᠭᠰᠢ ᠂ ᠬᠠᠮᠢᠶᠠᠷᠤᠯᠳᠠ ᠠᠷᠠᠳᠴᠢᠯᠠᠭᠰᠠᠨ
ᠠᠷᠪᠠᠨ ᠨᠠᠢᠮᠠᠳᠤᠭᠠᠷ ᠶᠡᠬᠡ ᠬᠤᠷᠠᠯ ᠣᠨ ᠮᠡᠳᠡᠬᠦᠯᠦᠯᠳᠡ  ᠳᠤ ᠵᠢᠭᠠᠵᠤ ᠭᠠᠷᠭᠠᠭᠰᠠᠨ  ᠨᠢ ᠄ ᠳᠠᠷᠢᠶᠠᠯᠠᠩ ᠂ ᠳᠠᠷᠢᠶᠠᠯᠠᠬᠤ ᠤᠷᠤᠨ ᠂ ᠳᠠᠷᠢᠶᠠᠴᠢᠨ ᠣ ᠠᠰᠠᠭᠤᠳᠠᠯ ᠢ ᠰᠠᠶᠢᠳᠤᠷ ᠰᠢᠢᠳᠪᠦᠷᠢᠯᠡᠬᠦ ᠪᠤᠯ ᠪᠦᠬᠦ ᠨᠠᠮ ᠣᠨ ᠠᠵᠢᠯ ᠣᠨ ᠲᠦᠢᠯ  ᠣᠨ ᠴᠢᠬᠤᠯᠠ ᠠᠵᠢᠯ ᠪᠤᠯᠤᠨ᠎ᠠ ᠃ ᠬᠤᠳᠠ ᠬᠦᠳᠡᠬᠡ ᠶᠢᠨ ᠬᠦᠭᠵᠢᠯᠳᠡ ᠶᠢ ᠨᠢᠬᠡ ᠴᠤᠭᠴᠠᠵᠢᠭᠤᠯᠬᠤ ᠪᠤᠯ ᠳᠠᠷᠢᠶᠠᠯᠠᠩ ᠂ ᠳᠠᠷᠢᠶᠠᠯᠠᠬᠤ ᠤᠷᠤᠨ ᠂ ᠳᠠᠷᠢᠶᠠᠴᠢᠨ ᠣ ᠠᠰᠠᠭᠤᠳᠠᠯ ᠢ ᠰᠢᠢᠳᠪᠦᠷᠢᠯᠡᠬᠦ ᠦᠨᠳᠦᠰᠦᠨ ᠠᠷᠭ᠎ᠠ ᠵᠠᠮ ᠪᠤᠯᠤᠨ᠎ᠠ ᠃ ᠬᠤᠳᠠ ᠬᠦᠳᠡᠬᠡ ᠶᠢ ᠨᠢᠬᠡᠳᠦᠯᠳᠡᠢ ᠳᠦᠯᠦᠪᠵᠢᠬᠦᠯᠦᠨ ᠬᠦᠭᠵᠢᠬᠦᠯᠬᠦ ᠬᠦᠴᠦᠯᠡᠴᠡ  ᠪᠠᠨ ᠨᠡᠮᠡᠭᠳᠡᠬᠦᠯᠵᠤ ᠂ ᠬᠦᠳᠡᠬᠡ ᠳᠤᠰᠬᠤᠨ ᠣ ᠬᠦᠭᠵᠢᠯᠳᠡ ᠶᠢᠨ ᠠᠮᠢᠵᠢᠷᠠᠯ ᠣᠨ ᠬᠦᠴᠦᠨ ᠢ ᠨᠡᠮᠡᠭᠳᠡᠬᠦᠯᠦᠨ ᠂ ᠬᠤᠳᠠ ᠬᠦᠳᠡᠬᠡ ᠶᠢᠨ ᠵᠦᠷᠢᠶ᠎ᠡ ᠶᠢ ᠠᠭᠠᠵᠢᠮ ᠢᠶᠠᠷ ᠪᠠᠭᠠᠰᠬᠠᠵᠤ ᠂ ᠬᠤᠳᠠ ᠬᠦᠳᠡᠬᠡ ᠬᠠᠮᠳᠤᠪᠠᠷ ᠴᠡᠴᠡᠭᠯᠡᠨ ᠬᠦᠭᠵᠢᠬᠦ ᠶᠢ ᠠᠬᠢᠭᠤᠯᠤᠨ᠎ᠠ ᠃ ᠠᠵᠤ ᠦᠢᠯᠡᠳᠪᠦᠷᠢ  ᠪᠠᠷ ᠳᠠᠷᠢᠶᠠᠯᠠᠩ ᠢ ᠲᠡᠳᠬᠦᠬᠦ ᠂ ᠬᠤᠳᠠ  ᠪᠠᠷ ᠬᠦᠳᠡᠬᠡ ᠳᠤᠰᠬᠤᠨ ᠢ ᠳᠡᠮᠵᠢᠬᠦ ᠂ ᠢᠯᠡᠬᠦᠬᠡᠨ ᠦᠭᠴᠤ ᠳᠤᠳᠠᠭᠤ ᠠᠪᠬᠤ ᠠᠮᠢᠳᠤᠯᠢᠭ ᠪᠤᠯᠭᠠᠬᠤ ᠴᠢᠭᠯᠡᠯᠳᠡ ᠶᠢ ᠪᠠᠷᠢᠮᠳᠠᠯᠠᠵᠤ ᠂ ᠳᠠᠷᠢᠶᠠᠯᠠᠩ ᠢ ᠬᠠᠷᠠᠭᠠᠯᠵᠠᠨ ᠬᠦᠴᠦᠷᠭᠡᠭᠵᠢᠬᠦᠯᠵᠦ ᠳᠠᠷᠢᠶᠠᠴᠢᠳ ᠢ ᠴᠢᠨᠡᠬᠡᠯᠢᠭᠵᠢᠬᠦᠯᠬᠦ ᠳᠦᠷᠦ ᠶᠢᠨ ᠪᠤᠳᠤᠯᠭ᠎ᠠ ᠶᠢᠨ ᠬᠦᠴᠦᠯᠡᠴᠡ  ᠪᠠᠨ ᠴᠢᠩᠭᠠᠳᠬᠠᠨ ᠂ ᠦᠷᠬᠡᠨ ᠤᠯᠠᠨ ᠳᠠᠷᠢᠶᠠᠴᠢᠨ ᠢ ᠡᠷᠬᠡ ᠳᠡᠭᠰᠢ  ᠪᠠᠷ ᠤᠳᠤᠬᠢᠴᠢᠯᠠᠯᠳᠠ ᠶᠢᠨ ᠠᠬᠢᠴᠠ  ᠳᠤ ᠤᠷᠤᠯᠴᠠᠭᠤᠯᠵᠤ ᠂ ᠤᠳᠤᠬᠢᠴᠢᠯᠠᠯᠳᠠ ᠶᠢᠨ ᠦᠷ᠎ᠡ ᠳ᠋ᠦᠩ ᠢ ᠬᠠᠮᠳᠤᠪᠠᠷ ᠡᠳ᠋ᠯᠡᠨ᠎ᠡ ᠃ ᠤᠯᠤᠰ ᠣᠨ ᠰᠠᠭᠤᠷᠢ ᠳᠦᠬᠦᠬᠡᠷᠦᠮᠵᠢ ᠶᠢᠨ ᠪᠦᠳᠦᠬᠡᠨ ᠪᠠᠶᠢᠭᠤᠯᠤᠯᠳᠠ ᠶᠢᠨ ᠠᠵᠢᠯ ᠪᠠ ᠨᠡᠶᠢᠬᠡᠮ ᠵᠢᠷᠤᠮ ᠣᠨ ᠬᠦᠭᠵᠢᠯᠳᠡ ᠶᠢᠨ ᠭᠤᠤᠯᠳᠠᠯᠭ᠎ᠠ ᠶᠢ ᠬᠦᠳᠡᠬᠡ ᠳᠤᠰᠬᠤᠨ  ᠳᠤ ᠳᠠᠯᠪᠢᠵᠤ ᠂ ᠰᠢᠨ᠎ᠡ ᠬᠦᠳᠡᠬᠡ ᠳᠤᠰᠬᠤᠨ ᠣ ᠪᠦᠳᠦᠬᠡᠨ ᠪᠠᠶᠢᠭᠤᠯᠤᠯᠳᠠ ᠪᠠ ᠶᠠᠳᠠᠭᠤ ᠶᠢ ᠳᠡᠳᠬᠦᠨ ᠨᠡᠬᠡᠬᠡᠨ ᠬᠦᠭᠵᠢᠬᠦᠯᠬᠦ ᠠᠵᠢᠯ  ᠢ ᠬᠦᠨᠵᠡᠬᠡᠢ ᠠᠬᠢᠭᠤᠯᠵᠤ ᠂ ᠬᠦᠳᠡᠬᠡ ᠳᠤᠰᠬᠤᠨ ᠣ ᠦᠢᠯᠡᠳᠪᠦᠷᠢᠯᠡᠯ ᠠᠮᠢᠳᠤᠷᠠᠯ ᠣᠨ ᠨᠦᠬᠦᠴᠡᠯ ᠢ ᠪᠦᠬᠦ ᠳᠠᠯ᠎ᠠ  ᠪᠠᠷ ᠰᠠᠶᠢᠵᠢᠷᠠᠭᠤᠯᠤᠨ᠎ᠠ ᠃ ᠬᠤᠳᠠ ᠬᠦᠳᠡᠬᠡᠨ ᠣ ᠬᠦᠭᠵᠢᠯᠳᠡ ᠶᠢ ᠨᠢᠬᠡ ᠴᠤᠭᠴᠠᠵᠢᠭᠤᠯᠬᠤ ᠲᠤᠭᠳᠠᠴᠠ ᠪᠠᠶᠢᠭᠤᠯᠤᠮᠵᠢ ᠶᠢ ᠲᠦᠷᠭᠡᠳᠭᠡᠨ ᠳᠡᠬᠦᠯᠳᠡᠷᠵᠢᠬᠦᠯᠵᠤ ᠂ ᠬᠤᠳᠠ ᠬᠦᠳᠡᠬᠡ ᠶᠢᠨ ᠳᠦᠯᠦᠪᠵᠢᠬᠦᠯᠬᠡ ᠂ ᠰᠠᠭᠤᠷᠢ ᠳᠦᠬᠦᠬᠡᠷᠦᠮᠵᠢ ᠶᠢᠨ ᠪᠦᠳᠦᠬᠡᠨ ᠪᠠᠶᠢᠭᠤᠯᠤᠯᠳᠠ ᠂ ᠨᠡᠶᠢᠳᠡ ᠶᠢᠨ ᠬᠡᠷᠡᠭᠯᠡᠬᠡᠨ  ᠣ ᠦᠢᠯᠡᠴᠢᠯᠡᠬᠡ ᠵᠡᠷᠬᠡ ᠳᠠᠯ᠎ᠠ  ᠪᠠᠷ ᠨᠢᠬᠡ ᠴᠤᠭᠴᠠᠵᠢᠭᠤᠯᠬᠤ ᠶᠢ ᠬᠦᠴᠦᠯᠡᠨ ᠠᠬᠢᠭᠤᠯᠵᠤ ᠂ ᠬᠤᠳᠠ ᠬᠦᠳᠡᠬᠡ ᠶᠢᠨ ᠡᠯᠸᠮᠸᠨᠲ ᠶᠢ ᠡᠷᠬᠡ ᠳᠡᠭᠰᠢ  ᠪᠠᠷ ᠰᠤᠯᠢᠯᠴᠠᠬᠤ ᠪᠠ ᠨᠡᠶᠢᠳᠡ ᠶᠢᠨ ᠡᠬᠢ ᠰᠤᠷᠪᠤᠯᠵᠢ ᠶᠢ ᠳᠡᠩᠴᠡᠬᠦᠷᠢᠳᠡᠢ ᠳᠤᠬᠢᠷᠠᠭᠤᠯᠬᠤ  ᠪᠠᠨ ᠠᠬᠢᠭᠤᠯᠵᠤ ᠂ ᠠᠵᠤ ᠦᠢᠯᠡᠳᠪᠦᠷᠢ  ᠪᠠᠷ ᠳᠠᠷᠢᠶᠠᠯᠠᠩ ᠢ ᠠᠬᠢᠭᠤᠯᠬᠤ ᠂ ᠬᠤᠳᠠ  ᠪᠠᠷ ᠬᠦᠳᠡᠬᠡ ᠶᠢ ᠳᠠᠶᠢᠴᠢᠯᠠᠬᠤ ᠂ ᠠᠵᠤ ᠦᠢᠯᠡᠳᠪᠦᠷᠢ ᠳᠠᠷᠢᠶᠠᠯᠠᠩ ᠢ ᠬᠠᠷᠢᠯᠴᠠᠨ ᠬᠠᠷᠠᠭᠠᠯᠵᠠᠭᠤᠯᠬᠤ ᠂ ᠬᠤᠳᠠ ᠬᠦᠳᠡᠬᠡ ᠨᠢᠬᠡ ᠴᠤᠭᠴᠠᠵᠢᠭᠰᠠᠨ ᠰᠢᠨ᠎ᠡ ᠬᠡᠯᠪᠡᠷᠢ ᠶᠢᠨ ᠠᠵᠤ ᠦᠢᠯᠡᠳᠪᠦᠷᠢ ᠳᠠᠷᠢᠶᠠᠯᠠᠩ ᠪᠠ ᠬᠤᠳᠠ ᠬᠦᠳᠡᠬᠡ ᠶᠢᠨ ᠬᠠᠷᠢᠴᠠᠭ᠎ᠠ ᠶᠢ ᠪᠦᠷᠢᠯᠳᠦᠬᠦᠯᠦᠨ᠎ᠡ ᠃
ᠦᠪᠦᠷ ᠮᠤᠩᠭᠤᠯ ᠣᠨ ᠦᠪᠡᠷᠳᠡᠬᠡᠨ ᠵᠠᠰᠠᠬᠤ ᠤᠷᠤᠨ ᠣ ᠨᠠᠮ ᠣᠨ ᠬᠤᠷᠢᠶ᠎ᠠ ᠵᠠᠰᠠᠭ ᠣᠨ ᠤᠷᠳᠤᠨ 2014 ᠤᠨ ᠠᠴᠠ ᠡᠬᠢᠯᠡᠨ 3 ᠵᠢᠯ ᠣᠨ ᠬᠤᠭᠤᠴᠠᠭ᠎ᠠ ᠬᠡᠷᠡᠭᠰᠡᠵᠤ ᠂ 600 ᠭᠠᠷᠤᠢ ᠳ᠋ᠦᠩᠰᠢᠭᠤᠷ ᠳᠦᠬᠦᠷᠢᠭ ᠣᠨ ᠪᠡᠯᠡ ᠤᠷᠤᠭᠤᠯᠤᠨ ᠂ ᠪᠦᠬᠦ ᠤᠷᠤᠨ ᠣ ᠬᠡᠪᠴᠢᠶᠡᠨ  ᠳᠤ ᠬᠦᠳᠡᠬᠡ ᠳᠤᠰᠬᠤᠨ ᠮᠠᠯᠵᠢᠬᠤ ᠤᠷᠤᠨ ᠣ ᠨᠤᠷᠠᠬᠤ ᠠᠶᠤᠯᠳᠠᠢ ᠬᠡᠷ ᠪᠠᠶᠢᠰᠢᠩ ᠢ ᠦᠬᠡᠷᠡᠴᠢᠯᠡᠨ ᠵᠠᠰᠠᠬᠤ ᠂ ᠠᠶᠤᠯᠬᠦᠢ ᠤᠤᠭᠤᠬᠤ ᠤᠰᠤ ᠂ ᠭᠠᠴᠠᠭ᠎ᠠ ᠳᠤᠰᠬᠤᠨ ᠣ ᠵᠡᠬᠡᠯᠢ ᠭᠤᠳᠤᠮᠵᠢ ᠶᠢ ᠬᠠᠳᠠᠭᠤᠷᠠᠭᠤᠯᠬᠤ ᠂ ᠳᠤᠰᠬᠤᠨ ᠪᠦᠷᠢ  ᠳᠤ ᠴᠠᠬᠢᠯᠭᠠᠨ ᠨᠡᠪᠳᠡᠷᠡᠬᠦ ᠂ ᠷᠠᠳᠢᠤ᠋ ᠲᠸᠯᠸᠢᠰ ᠴᠠᠬᠢᠯᠭᠠᠨ ᠬᠤᠯᠪᠤᠭ᠎ᠠ ᠨᠡᠪᠳᠡᠷᠡᠬᠦᠯᠬᠦ ᠂ ᠰᠤᠷᠭᠠᠭᠤᠯᠢ ᠵᠢᠨ ᠪᠠᠶᠢᠷᠢ ᠶᠢᠨ ᠠᠮᠤᠷ ᠳᠦᠪᠰᠢᠠ  ᠤ ᠪᠠᠶᠢᠭᠤᠯᠤᠯᠳᠠ ᠂ ᠭᠠᠴᠠᠭ᠎ᠠ ᠲᠤᠰᠬᠤᠨ  ᠣ ᠪᠠᠷᠢᠮᠵᠢᠶᠠᠵᠢᠭᠰᠠᠠ ᠡᠷᠡᠬᠦᠯ ᠬᠠᠮᠠᠭᠠᠯᠠᠯ  ᠤᠨ ᠳᠠᠰᠤᠭ  ᠤᠨ ᠪᠦᠳᠦᠭᠡᠠ ᠪᠠᠶᠢᠭᠤᠯᠤᠯᠳᠠ ᠂ ᠭᠠᠴᠠᠭ᠎ᠠ ᠲᠤᠰᠬᠤᠨ  ᠣ ᠰᠤᠶᠤᠯ  ᠤᠨ ᠦᠷᠦᠬᠡ ᠵᠢᠨ ᠪᠦᠳᠦᠭᠡᠠ ᠪᠠᠶᠢᠭᠤᠯᠤᠯᠳᠠ ᠂ ᠠᠷᠠᠳ  ᠲᠤ ᠳᠦᠬᠦᠮ ᠦᠵᠡᠬᠦᠯᠬᠦ ᠭᠡᠯᠬᠢᠶᠡᠵᠢᠭᠰᠡᠠ ᠭᠡᠳᠤ ᠳᠡᠯᠬᠡᠬᠦᠷ  ᠢ ᠪᠠᠶᠢᠭᠤᠯᠬᠤ ᠂ ᠮᠠᠯᠵᠢᠬᠤ ᠳᠠᠷᠢᠶᠠᠯᠠᠬᠤ ᠤᠷᠤᠠ  ᠳᠤ ᠪᠠᠶᠢᠩᠭᠤ ᠰᠠᠭᠤᠭ᠎ᠠ ᠬᠦᠮᠦᠨ ᠠᠮᠠ ᠵᠢᠨ ᠨᠠᠰᠤᠵᠢᠯ ᠡᠮ ᠡᠮᠨᠡᠯᠬᠡ ᠪᠠ ᠨᠠᠭᠠᠳᠤ ᠵᠠᠬ᠎ᠠ ᠵᠢᠨ ᠠᠮᠢᠳᠤᠷᠠᠯ  ᠤᠨ ᠪᠠᠳᠤᠯᠠᠪᠤᠷᠢ ᠵᠡᠷᠭᠡ ᠨᠡᠶᠢᠬᠡᠮ  ᠤᠨ ᠪᠠᠳᠤᠯᠠᠪᠤᠷᠢ ᠵᠢ ᠪᠡᠶᠡᠯᠡᠬᠦᠯᠬᠦ ︽ ᠠᠷᠪᠠ ᠶᠢ ᠪᠦᠷᠬᠦᠬᠦᠯᠬᠦ ︾ ᠢᠨᠵᠸᠨᠸᠷᠢᠩ   ᠢ ᠬᠡᠷᠡᠭᠵᠢᠬᠦᠯᠬᠦ ᠴᠢᠬᠤᠯᠠ ᠰᠢᠢᠳᠪᠦᠷᠢ ᠶᠢ ᠳᠤᠭᠳᠠᠭᠠᠪᠠ ᠃ ᠡᠨᠡ ᠪᠤᠯ ᠦᠪᠡᠷᠳᠡᠬᠡᠨ ᠵᠠᠰᠠᠬᠤ ᠤᠷᠤᠨ ᠪᠠᠶᠢᠭᠤᠯᠤᠭᠳᠠᠠᠰᠠᠨ ᠠᠴᠠ ᠨᠠᠰᠢ ᠠᠩᠬᠠᠳᠤᠭᠠᠷ ᠤᠳᠠᠭ᠎ᠠ ᠪᠦᠬᠦ ᠳᠠᠯ᠎ᠠ ᠶᠢᠨ ᠰᠢᠰᠲ᠋ᠸᠮ ᠳᠠᠢ ᠶᠡᠬᠡ ᠬᠡᠪᠴᠢᠶ᠎ᠡ  ᠪᠠᠷ ᠬᠦᠳᠡᠬᠡ ᠳᠤᠰᠬᠤᠨ ᠮᠠᠯᠵᠢᠬᠤ ᠤᠷᠤᠨ ᠣ ᠦᠨᠳᠦᠰᠦᠨ ᠨᠡᠶᠢᠳᠡ ᠶᠢᠨ ᠦᠢᠯᠡᠴᠢᠯᠡᠬᠡᠨ ᠣ ᠳᠦᠬᠦᠬᠡᠷᠦᠮᠵᠢ  ᠳᠤ ᠪᠡᠯᠡ ᠤᠷᠤᠭᠤᠯᠵᠤ ᠂ ᠬᠤᠳᠠ ᠬᠦᠳᠡᠬᠡ ᠶᠢᠨ ᠨᠡᠶᠢᠳᠡ ᠶᠢᠨ ᠦᠢᠯᠡᠴᠢᠯᠡᠬᠡᠨ ᠣ ᠡᠷᠬᠡ ᠳᠡᠭᠰᠢᠵᠢᠯᠳᠡ ᠶᠢ ᠠᠬᠢᠭᠤᠯᠵᠤ ᠂ ᠬᠤᠳᠠ ᠬᠦᠳᠡᠬᠡ  ᠵᠢ ᠨᠢᠬᠡᠳᠦᠯᠳᠡᠢ ᠳᠦᠯᠦᠪᠵᠢᠬᠦᠯᠦᠨ ᠬᠦᠭᠵᠢᠬᠦᠯᠬᠦ ᠶᠡᠷᠦᠩᠬᠡᠶᠢᠯᠡᠭᠰᠡᠨ ᠠᠷᠠᠳ ᠣᠨ ᠠᠮᠢᠳᠤᠷᠠᠯ ᠣᠨ ᠢᠨᠵᠸᠨᠸᠷᠢᠩ  ᠪᠤᠯᠤᠨ᠎ᠠ ᠃
ᠬᠦᠳᠡᠬᠡ ᠳᠤᠰᠬᠤᠨ ᠮᠠᠯᠵᠢᠬᠤ ᠤᠷᠤᠨ ᠣ ︽ ᠠᠷᠪᠠ ᠶᠢ ᠪᠦᠷᠬᠦᠬᠦᠯᠬᠦ ︾ ᠢᠨᠵᠸᠨᠸᠷᠢᠩ ᠢ ᠬᠡᠷᠡᠭᠵᠢᠬᠦᠯᠬᠦ ᠴᠢᠬᠤᠯᠠ ᠠᠴᠢ ᠬᠤᠯᠪᠤᠭᠳᠠᠯ
ᠠᠯᠠᠱᠠ ᠵᠡᠬᠦᠨ ᠬᠤᠰᠢᠭᠤ  ᠨᠢ ᠦᠪᠦᠷ ᠮᠤᠩᠭᠤᠯ ᠣᠨ ᠪᠠᠷᠠᠭᠤᠨ ᠬᠡᠰᠡᠭ  ᠲᠤ ᠪᠠᠶᠢᠷᠢᠯᠠᠵᠤ ᠂ ᠶᠡᠷᠦᠩᠬᠡᠢ ᠳᠠᠯᠠᠪᠠᠢ  ᠨᠢ 80412 ᠬᠠᠪᠳᠠᠭᠠᠢ ᠳᠦᠷᠪᠡᠯᠵᠢᠨ ᠺᠢᠯᠤᠮᠸᠲ᠋ᠷ ᠪᠠᠶᠢᠵᠤ ᠂ ᠪᠦᠬᠦ ᠬᠤᠰᠢᠭᠤᠨ  ᠳᠤ 9 ᠪᠠᠯᠭᠠᠰᠤ ᠂ 6 ᠰᠤᠮᠤ ᠂ 139 ᠭᠠᠴᠠᠭ᠎ᠠ ᠳᠤᠰᠬᠤᠨ ᠳᠠᠢ ᠂ ᠨᠡᠶᠢᠳᠡ ᠬᠦᠮᠦᠨ ᠠᠮᠠ  ᠶᠢᠨ ᠳᠤᠭ᠎ᠠ 14.3 ᠳᠦᠮᠡ ᠪᠠᠶᠢᠵᠤ ᠂ ᠡᠬᠦᠨ  ᠳᠣ ᠮᠠᠯᠵᠢᠬᠤ ᠳᠠᠷᠢᠶᠠᠯᠠᠬᠤ ᠤᠷᠤᠨ ᠣ ᠬᠦᠮᠦᠨ ᠠᠮᠠ 5.63 ᠳᠦᠮᠡᠨ ᠬᠦᠮᠦᠨ ᠪᠠᠶᠢᠨ᠎ᠠ ᠃ ᠭᠠᠵᠠᠷ ᠨᠤᠳᠤᠭ ᠦᠷᠬᠡᠨ ᠠᠭᠤᠳᠠᠮ ᠂ ᠮᠠᠯᠵᠢᠬᠤ ᠳᠠᠷᠢᠶᠠᠯᠠᠬᠤ ᠤᠷᠤᠨ ᠣ ᠬᠦᠮᠦᠨ ᠠᠮᠠ  ᠶᠢᠨ ᠰᠠᠭᠤᠷᠢᠰᠢᠯ ᠲᠠᠷᠬᠠᠢ ᠂ ᠠᠮᠢ ᠠᠬᠤᠢ ᠶᠢᠨ ᠤᠷᠴᠢᠨ ᠳᠤᠭᠤᠷᠢᠨ ᠬᠡᠪᠡᠷᠡᠭ ᠵᠡᠷᠬᠡ ᠰᠢᠯᠳᠠᠭᠠᠨ ᠠᠴᠠ ᠪᠤᠯᠵᠤ ᠂ ᠤᠷᠳᠤ ᠬᠤᠭᠤᠴᠠᠭᠠᠨ ᠣ ᠳᠤᠷᠰᠢ ᠮᠠᠨ ᠣ ᠬᠤᠰᠢᠭᠤᠨ ᠣ ᠮᠠᠯᠵᠢᠬᠤ ᠳᠠᠷᠢᠶᠠᠯᠠᠬᠤ ᠤᠷᠤᠨ  ᠳᠤ ᠤᠰᠤ ᠂ ᠴᠠᠬᠢᠯᠭᠠᠨ ᠂ ᠵᠠᠮ ᠂ ᠴᠢᠮᠡᠬᠡ ᠬᠤᠯᠪᠤᠭ᠎ᠠ ᠵᠡᠷᠬᠡ ᠰᠠᠭᠤᠷᠢ ᠳᠦᠬᠦᠬᠡᠷᠦᠮᠵᠢ  ᠨᠢ ᠦᠷᠢ ᠰᠢᠷᠢ ᠶᠡᠬᠡ ᠪᠠᠶᠢᠵᠤ ᠂ ᠮᠠᠯᠴᠢᠨ ᠳᠠᠷᠢᠶᠠᠴᠢᠨ ᠣ ᠰᠠᠭᠤᠬᠤ ᠬᠡᠷ  ᠨᠢ ᠳᠦᠬᠦᠮ ᠠᠪᠰᠠᠷ ᠂ ᠤᠰᠤ ᠬᠤᠪᠤᠷ ᠵᠠᠮ ᠳᠦᠬᠦᠮ ᠪᠤᠰᠤ ᠂ ᠡᠪᠡᠳᠴᠢᠨ ᠦᠵᠡᠬᠦᠯᠬᠦ ᠰᠤᠷᠭᠠᠭᠤᠯᠢ  ᠳᠤ ᠰᠠᠭᠤᠬᠤ  ᠳᠤ ᠳᠦᠬᠦᠮ ᠪᠤᠰᠤ ᠂ ᠴᠠᠬᠢᠯᠭᠠᠨ ᠬᠡᠷᠡᠭᠯᠡᠬᠦ ᠶᠠᠭᠤᠮ᠎ᠠ ᠬᠤᠳᠠᠯᠳᠤᠵᠤ ᠠᠪᠬᠤ  ᠳᠤ ᠳᠦᠬᠦᠮ ᠪᠤᠰᠤ ᠵᠡᠷᠬᠡ ᠪᠤᠳᠠᠳᠠᠢ ᠠᠰᠠᠭᠤᠳᠠᠯ ᠨᠡᠶᠢᠳᠡᠮ ᠤᠷᠤᠰᠢᠵᠤ ᠂ ᠳᠠᠷᠢᠶᠠᠯᠠᠩ ᠮᠠᠯ ᠠᠵᠤ ᠠᠬᠤᠢ ᠶᠢᠨ ᠰᠠᠭᠤᠷᠢ ᠳᠦᠬᠦᠬᠡᠷᠦᠮᠵᠢ  ᠨᠢ ᠬᠠᠷᠢᠴᠠᠩᠭᠤᠢ ᠪᠠᠭᠤᠷᠠᠢ ᠪᠤᠳᠠᠳᠤ ᠪᠠᠶᠢᠳᠠᠯ ᠂ ᠮᠠᠯᠴᠢᠨ ᠳᠠᠷᠢᠶᠠᠴᠢᠨ ᠣ ᠠᠮᠢᠳᠤᠷᠠᠯ ᠣᠨ ᠳᠦᠪᠰᠢᠨ  ᠨᠢ ᠶᠡᠷᠦᠩᠬᠡᠢ ᠳ᠋ᠡᠬᠡᠨ ᠨᠡᠯᠢᠶᠡᠳ ᠳᠤᠤᠷ᠎ᠠ ᠂ ᠮᠠᠯᠵᠢᠬᠤ ᠳᠠᠷᠢᠶᠠᠯᠠᠬᠤ ᠤᠷᠤᠨ ᠬᠠᠷᠢᠴᠠᠩᠭᠤᠢ ᠬᠤᠴᠤᠷᠤᠩᠭᠤᠢ ᠪᠠᠶᠢᠳᠠᠯ  ᠨᠢ ᠦᠨᠳᠦᠰᠦᠨ  ᠠᠴᠠ  ᠪᠠᠨ ᠬᠤᠪᠢᠷᠠᠯᠳᠠ ᠭᠠᠷᠤᠭᠰᠠᠨ ᠦᠬᠡᠢ ᠃ ᠦᠪᠦᠷ ᠮᠤᠩᠭᠤᠯ ᠣᠨ ᠦᠪᠡᠷᠳᠡᠬᠡᠨ ᠵᠠᠰᠠᠬᠤ ᠤᠷᠤᠨ ᠣ ᠨᠠᠮ ᠣᠨ ᠬᠤᠷᠢᠶ᠎ᠠ ᠂ ᠵᠠᠰᠠᠭ ᠣᠨ ᠤᠷᠳᠤᠨ  ᠠᠴᠠ ᠰᠢᠢᠳᠴᠤ ᠪᠠᠶᠢᠷᠢᠯᠠᠭᠤᠯᠤᠭᠰᠠᠨ ︽ ᠠᠷᠪᠠ ᠶᠢ ᠪᠦᠷᠬᠦᠬᠦᠯᠬᠦ ︾ ᠢᠨᠵᠸᠨᠸᠷᠢᠩ ᠨᠢ ᠠᠯᠠᠱᠠ ᠵᠡᠬᠦᠨ ᠬᠤᠰᠢᠭᠤᠨ  ᠳᠤ ᠠᠪᠴᠤ ᠬᠡᠯᠡᠪᠡᠯ ᠂ ᠨᠢᠬᠡᠨ ᠬᠠᠳᠠᠭᠤ ᠪᠡᠷᠬᠡ ᠪᠦᠬᠡᠳ ᠪᠠᠴᠢᠮ ᠡᠬᠦᠷᠬᠡ ᠪᠤᠯᠬᠤ ᠮᠦᠷᠳᠡᠬᠡᠨ ᠂ ᠮᠦᠨᠴᠤ ᠮᠠᠯᠵᠢᠬᠤ ᠳᠠᠷᠢᠶᠠᠯᠠᠬᠤ ᠤᠷᠤᠨ ᠣ ᠨᠦᠬᠦᠴᠡᠯ ᠢ ᠰᠠᠶᠢᠵᠢᠷᠠᠭᠤᠯᠵᠤ ᠂ ᠬᠤᠳᠠ ᠬᠦᠳᠡᠬᠡ ᠶᠢᠨ ᠵᠦᠷᠢᠶ᠎ᠡ ᠶᠢ ᠪᠠᠭᠠᠰᠬᠠᠨ ᠂ ᠡᠶ᠎ᠡ ᠨᠠᠶᠢᠷᠠᠮᠳᠠᠭᠤ ᠬᠦᠭᠵᠢᠯᠳᠡ ᠶᠢ ᠠᠬᠢᠭᠤᠯᠬᠤ ᠴᠢᠬᠤᠯᠠ ᠳᠤᠬᠢᠶᠠᠯ ᠪᠤᠯᠤᠨ᠎ᠠ ᠃
ᠠᠯᠠᠱᠠ ᠵᠡᠬᠦᠨ ᠬᠤᠰᠢᠭᠤᠨ ᠣ ︽ ᠠᠷᠪᠠ ᠶᠢ ᠪᠦᠷᠬᠦᠬᠦᠯᠬᠦ ︾ ᠢᠨᠵᠸᠨᠸᠷᠢᠩ ᠢ ᠬᠡᠷᠡᠭᠵᠢᠬᠦᠯᠬᠦ ᠠᠭᠤᠯᠭ᠎ᠠ
ᠠᠯᠠᠱᠠ ᠵᠡᠬᠦᠨ ᠬᠤᠰᠢᠭᠤᠨ ᠣ ᠨᠠᠮ ᠣᠨ ᠬᠤᠷᠢᠶ᠎ᠠ ᠵᠠᠰᠠᠭ ᠣᠨ ᠤᠷᠳᠤᠨ  ᠨᠢ ᠭᠤᠷᠪᠠᠨ ᠵᠢᠯ  ᠳᠤ ︵ 2014 2016 ᠤᠨ ︶ 6 ᠳ᠋ᠦᠩᠰᠢᠭᠤᠷ ᠳᠦᠬᠦᠷᠢᠭ ᠣᠨ ᠪᠡᠯᠡ ᠤᠷᠤᠭᠤᠯᠵᠤ ᠂ ᠪᠦᠬᠦ ᠬᠤᠰᠢᠭᠤᠨ ᠣ ᠮᠠᠯᠵᠢᠬᠤ ᠳᠠᠷᠢᠶᠠᠯᠠᠬᠤ ᠤᠷᠤᠨ  ᠳᠤ ︽ ᠠᠷᠪᠠ ᠶᠢ ᠪᠦᠷᠬᠦᠬᠦᠯᠬᠦ ︾ ᠢᠨᠵᠸᠨᠸᠷᠢᠩ ᠢ ᠬᠡᠷᠡᠭᠵᠢᠬᠦᠯᠬᠦ  ᠪᠠᠷ ᠲᠦᠯᠦᠪᠯᠡᠵᠦ ᠂ ᠮᠠᠯᠴᠢᠨ ᠳᠠᠷᠢᠶᠠᠴᠢᠨ ᠣ ᠰᠠᠭᠤᠬᠤ ᠬᠡᠷ  ᠨᠢ ᠳᠦᠬᠦᠮ ᠠᠪᠰᠠᠷ ᠂ ᠤᠰᠤ ᠬᠤᠪᠤᠷ ᠵᠠᠮ ᠳᠦᠬᠦᠮ ᠪᠤᠰᠤ ᠂ ᠡᠪᠡᠳᠴᠢᠨ ᠦᠵᠡᠬᠦᠯᠬᠦ ᠰᠤᠷᠭᠠᠭᠤᠯᠢ  ᠳᠤ ᠰᠠᠭᠤᠬᠤ  ᠳᠤ ᠳᠦᠬᠦᠮ ᠪᠤᠰᠤ ᠂ ᠴᠠᠬᠢᠯᠭᠠᠨ ᠬᠡᠷᠡᠭᠯᠡᠬᠦ ᠶᠠᠭᠤᠮ᠎ᠠ ᠬᠤᠳᠠᠯᠳᠤᠵᠤ ᠠᠪᠬᠤ  ᠳᠤ ᠳᠦᠬᠦᠮ ᠪᠤᠰᠤ ᠵᠡᠷᠬᠡ ᠪᠤᠳᠠᠳᠠᠢ ᠠᠰᠠᠭᠤᠳᠠᠯ ᠢ ᠰᠢᠢᠳᠪᠦᠷᠢᠯᠡᠵᠤ ᠂ ᠰᠠᠭᠤᠷᠢ ᠳᠦᠬᠦᠬᠡᠷᠦᠮᠵᠢ ᠶᠢᠨ ᠪᠦᠳᠦᠬᠡᠨ ᠪᠠᠶᠢᠭᠤᠯᠤᠯᠳᠠ ᠶᠢ ᠮᠠᠯᠵᠢᠬᠤ ᠳᠠᠷᠢᠶᠠᠯᠠᠬᠤ ᠤᠷᠤᠨ ᠤᠷᠤᠭᠤ ᠦᠷᠬᠡᠳᠬᠡᠬᠦ ᠂ ᠨᠡᠶᠢᠳᠡ ᠶᠢᠨ ᠦᠢᠯᠡᠴᠢᠯᠡᠬᠡ ᠵᠢ ᠮᠠᠯᠵᠢᠬᠤ ᠳᠠᠷᠢᠶᠠᠯᠠᠬᠤ ᠤᠷᠤᠨ  ᠳᠣ ᠪᠦᠷᠬᠦᠬᠦᠯᠬᠦ ᠂ ᠬᠤᠳᠠ ᠶᠢᠨ ᠪᠤᠯᠪᠠᠰᠤᠨ ᠢᠶᠠᠷ ᠮᠠᠯᠵᠢᠬᠤ ᠳᠠᠷᠢᠶᠠᠯᠠᠬᠤ ᠤᠷᠤᠨ ᠢ ᠨᠦᠯᠦᠬᠡᠯᠡᠬᠦ ᠶᠢ ᠠᠬᠢᠭᠤᠯᠵᠤ ᠂ ᠮᠠᠯᠴᠢᠨ ᠳᠠᠷᠢᠶᠠᠴᠢᠨ  ᠳᠣ ᠦᠬᠡᠷᠡᠴᠢᠯᠡᠯᠳᠡ ᠨᠡᠬᠡᠬᠡᠯᠳᠡ ᠪᠠ ᠤᠳᠤᠬᠢᠴᠢᠯᠠᠭᠰᠠᠨ ᠬᠦᠭᠵᠢᠯᠳᠡ ᠶᠢᠨ ᠦᠷ᠎ᠡ ᠪᠦᠳᠦᠬᠡᠯ ᠢ ᠬᠠᠮᠳᠤᠪᠠᠷ ᠡᠳ᠋ᠯᠡᠬᠦᠯᠦᠨ᠎ᠡ ᠃
ᠭᠠᠴᠠᠭ᠎ᠠ ᠳᠤᠰᠬᠤᠠ ᠪᠦᠷᠢ  ᠳᠤ ᠴᠠᠬᠢᠯᠭᠠᠠ ᠨᠡᠪᠳᠡᠷᠡᠬᠦᠯᠬᠦ ᠃ ᠰᠢᠨ᠎ᠡ  ᠪᠠᠷ ᠪᠠᠶᠢᠭᠤᠯᠤᠭᠰᠠᠨ ᠬᠠᠷᠢᠯᠴᠠᠨ ᠬᠠᠪᠰᠤᠷᠤᠯᠴᠠᠬᠤ ᠵᠢᠷᠭᠠᠯ  ᠣᠨ ᠬᠦᠷᠢᠶᠡᠯᠡᠩ ᠂ ᠨᠡᠬᠦᠳᠡᠯ ᠠᠷᠠᠳ ᠢ ᠨᠡᠬᠦᠯᠬᠡᠵᠦ ᠂ ᠭᠠᠵᠠᠷ ᠰᠢᠯᠵᠢᠬᠦᠯᠦᠨ ᠰᠢᠨ᠎ᠡ  ᠪᠠᠷ ᠪᠠᠶᠢᠭᠤᠯᠤᠭᠰᠠᠨ ᠳᠤᠰᠬᠤᠨ  ᠳᠤ ᠳᠠᠷᠢᠶᠠᠯᠠᠩ ᠣᠨ ᠳᠤᠤᠷ ᠢ ᠦᠬᠡᠷᠡᠴᠢᠯᠡᠨ ᠳᠡᠰ ᠳᠡᠪᠰᠢᠬᠦᠯᠬᠦ ᠢᠨᠵᠸᠨᠸᠷᠢᠩ  ᠣᠨ ᠡᠷᠦᠬᠡ ᠪᠦᠷᠢ  ᠳᠤ ᠨᠢᠬᠡ ᠴᠠᠬᠢᠯᠭᠠᠨ ᠬᠡᠮᠵᠢᠬᠦᠷ ᠤᠭᠰᠠᠷᠠᠬᠤ ᠡᠬᠦᠷᠬᠡ ᠶᠢ ᠬᠡᠷᠡᠭᠵᠢᠬᠦᠯᠦᠨ᠎ᠡ ᠃
1. ᠮᠠᠯᠵᠢᠬᠤ ᠲᠠᠷᠢᠶᠠᠯᠠᠬᠤ ᠤᠷᠤᠨ  ᠣ ᠨᠤᠷᠠᠬᠤ ᠠᠶᠤᠯᠳᠠᠢ ᠤᠷᠤᠠ ᠰᠠᠭᠤᠴᠠ  ᠶᠢ ᠦᠬᠡᠷᠡᠴᠢᠯᠠᠠ ᠰᠠᠶᠢᠵᠢᠷᠠᠭᠤᠯᠬᠤ ᠢᠨᠵᠸᠨᠸᠷᠢᠩ ᠃ ᠮᠠᠯᠵᠢᠬᠤ ᠳᠠᠷᠢᠶᠠᠯᠠᠬᠤ ᠤᠷᠤᠨ ᠣ ᠪᠠᠶᠢᠩᠭᠤ ᠰᠠᠭᠤᠷᠢᠰᠢᠬᠤ ᠬᠦᠮᠦᠨ ᠠᠮᠠ ᠶᠢᠨ ᠰᠠᠭᠤᠬᠤ ᠬᠡᠷ  ᠨᠢ C.D ᠳᠡᠰ ᠣᠨ ᠨᠤᠷᠠᠬᠤ ᠠᠶᠤᠯᠳᠠᠢ ᠪᠠᠶᠢᠰᠢᠩ  ᠳᠣ ᠬᠠᠷᠢᠶᠠᠯᠠᠭᠳᠠᠵᠤ ᠂ ᠭᠤᠤᠯ ᠴᠤᠭᠴᠠ ᠶᠢᠨ ᠪᠦᠳᠦᠴᠡ  ᠨᠢ ᠨᠡᠯᠢᠶᠡᠳ ᠰᠠᠶᠢᠨ ᠬᠡᠷ ᠪᠠᠶᠢᠰᠢᠩ ᠢ ᠦᠬᠡᠷᠡᠴᠢᠯᠡᠨ ᠰᠢᠨᠡᠳᠬᠡᠵᠤ ᠂ ᠰᠠᠭᠤᠵᠤ ᠦᠯᠦ ᠪᠤᠯᠬᠤ ᠨᠤᠷᠠᠬᠤ ᠠᠶᠤᠯᠳᠠᠢ ᠬᠡᠷ ᠪᠠᠶᠢᠰᠢᠩ ᠢ ᠳᠠᠬᠢᠵᠤ ᠰᠢᠨ᠎ᠡ  ᠪᠠᠷ ᠪᠠᠷᠢᠵᠤ ᠂ ᠵᠠᠷᠴᠢᠮ ᠳᠡᠬᠡᠷ᠎ᠡ  ᠪᠠᠨ ᠬᠡᠷ ᠪᠠᠶᠢᠰᠢᠩ ᠣᠨ ᠪᠦᠳᠦᠬᠡᠨ ᠪᠠᠶᠢᠭᠤᠯᠤᠯᠳᠠ ᠶᠢᠨ ᠳᠠᠯᠠᠪᠠᠢ  ᠨᠢ 40 ᠬᠠᠪᠳᠠᠭᠠᠢ ᠳᠡᠭᠰᠢ ᠳᠦᠷᠪᠡᠯᠵᠢᠨ ᠮᠸᠲ᠋ᠷ ᠠᠴᠠ ᠪᠠᠭ᠎ᠠ ᠦᠬᠡᠢ ᠪᠠᠶᠢᠬᠤ ᠶᠢ ᠱᠠᠭᠠᠷᠳᠠᠨ᠎ᠠ ᠃ ᠭᠤᠤᠯᠳᠠᠭᠤ ᠮᠠᠯᠵᠢᠬᠤ ᠳᠠᠷᠢᠶᠠᠯᠠᠬᠤ ᠤᠷᠤᠨ ᠣ ᠠᠵᠤ ᠠᠬᠤᠢ  ᠶᠢᠨ ᠲᠠᠯ᠎ᠠ  ᠪᠠᠷ ᠬᠠᠮᠤᠭ ᠠᠴᠠ ᠬᠦᠴᠢᠷᠳᠡᠯᠳᠡᠢ ᠂ ᠰᠠᠭᠤᠬᠤ ᠬᠡᠷ  ᠨᠢ ᠬᠠᠮᠤᠭ ᠠᠴᠠ ᠠᠶᠤᠯᠳᠠᠢ ᠶᠠᠳᠠᠭᠤ ᠬᠦᠴᠢᠷᠳᠡᠯᠳᠡᠢ ᠤᠯᠠᠨ ᠳᠦᠮᠡᠨ  ᠳᠤ ᠬᠠᠮᠤᠭ ᠣᠨ ᠦᠨᠳᠦᠰᠦᠨ ᠰᠠᠭᠤᠬᠤ ᠬᠡᠷ ᠣᠨ ᠠᠮᠤᠷ ᠳᠦᠪᠰᠢᠨ ᠣ ᠠᠰᠠᠭᠤᠳᠠᠯ ᠢ ᠰᠢᠢᠳᠪᠦᠷᠢᠯᠡᠨ᠎ᠡ ᠃
ᠬᠠᠷᠠᠯᠳᠠ ᠡᠬᠦᠷᠬᠡ ᠄ ᠪᠦᠬᠦ ᠬᠤᠰᠢᠭᠤᠨ ᠣ 14 ᠰᠤᠮᠤ ᠪᠠᠯᠭᠠᠰᠤᠨ ᠣ 130 ᠭᠠᠴᠠᠭ᠎ᠠ ᠳᠤᠰᠬᠤᠨ  ᠳᠤ ᠬᠤᠯᠪᠤᠭᠳᠠᠵᠤ ᠂ ᠮᠠᠯᠴᠢᠨ ᠳᠠᠷᠢᠶᠠᠴᠢᠨ ᠣ ᠨᠤᠷᠠᠬᠤ ᠠᠶᠤᠯᠳᠠᠢ 4734 ᠢᠵᠢ ᠬᠡᠷ ᠪᠠᠶᠢᠰᠢᠩ ᠢ ᠦᠬᠡᠷᠡᠴᠢᠯᠡᠨ ᠵᠠᠰᠠᠨ᠎ᠠ ᠃
ᠠᠰᠢᠭ ᠬᠦᠷᠳᠡᠬᠦ ᠬᠦᠮᠦᠰ ᠄ ᠭᠤᠤᠯᠳᠠᠭᠤ ᠨᠤᠷᠠᠬᠤ ᠠᠶᠤᠯᠳᠠᠢ ᠬᠡᠷ ᠪᠠᠶᠢᠰᠢᠩ  ᠳᠤ ᠰᠠᠭᠤᠵᠤ ᠪᠠᠶᠢᠭ᠎ᠠ ᠬᠦᠳᠡᠬᠡ ᠳᠤᠰᠬᠤᠨ ᠣ ᠳᠠᠷᠬᠠᠨ ᠰᠠᠭᠤᠷᠢᠰᠢᠭ᠎ᠠ ᠳᠠᠪᠤᠨ ᠪᠠᠳᠤᠯᠠᠭᠠᠳᠤ ᠡᠷᠦᠬᠡ ᠂ ᠳᠤᠤᠷ᠎ᠠ ᠪᠠᠳᠤᠯᠠᠭᠠᠳᠤ ᠡᠷᠦᠬᠡ ᠂ ᠶᠠᠳᠠᠭᠤ ᠬᠦᠴᠢᠷᠳᠡᠯᠳᠡᠢ ᠵᠡᠮᠳᠡᠭᠴᠤᠳ ᠣᠨ ᠬᠡᠷ ᠪᠦᠯᠢ ᠪᠠ ᠪᠤᠰᠤᠳ ᠶᠠᠳᠠᠭᠤ ᠬᠦᠴᠢᠷᠳᠡᠯᠳᠡᠢ ᠡᠷᠦᠬᠡ ᠃
2. ᠭᠠᠴᠠᠭ᠎ᠠ ᠲᠤᠰᠬᠤᠨ ᠣ ᠵᠡᠭᠡᠯᠢ ᠭᠤᠳᠤᠮᠵᠢ ᠵᠢ ᠬᠠᠳᠠᠭᠤᠷᠠᠭᠤᠯᠬᠤ ᠢᠨᠵᠸᠨᠸᠷᠢᠩ ᠃ ᠪᠤᠳᠠᠳᠤ ᠪᠠᠶᠢᠳᠠᠯ ᠢ ᠦᠨᠳᠦᠰᠦᠯᠡᠨ ᠂ ᠭᠠᠴᠠᠭ᠎ᠠ ᠳᠤᠰᠬᠤᠨ ᠣ ᠤᠳᠤ ᠪᠠᠶᠢᠭ᠎ᠠ ᠵᠡᠬᠡᠯᠢ ᠭᠤᠳᠤᠮᠵᠢ ᠶᠢᠨ ᠵᠠᠮ ᠣᠨ ᠰᠠᠭᠤᠷᠢ  ᠳᠤ ᠪᠸᠲ᠋ᠤᠨ ᠣ ᠬᠠᠳᠠᠭᠤᠷᠠᠭᠤᠯᠤᠯᠳᠠ ᠬᠢᠬᠦ ᠪᠤᠶᠤ ᠬᠠᠶᠢᠷ ᠴᠢᠯᠠᠭᠤ ᠳᠡᠪᠢᠰᠴᠤ ᠂ ᠦᠷᠬᠡᠨ ᠨᠠᠷᠢᠨ ᠣ ᠬᠡᠮᠵᠢᠶ᠎ᠡ ᠵᠢ ᠱᠠᠭᠠᠷᠳᠠᠭᠳᠠᠬᠤ ᠪᠠᠶᠢᠳᠠᠯ ᠢᠶᠠᠷ  ᠨᠢ ᠵᠠᠰᠠᠨ᠎ᠠ ᠃
ᠬᠠᠷᠠᠯᠳᠠ ᠡᠬᠦᠷᠬᠡ ᠄ ᠭᠠᠴᠠᠭ᠎ᠠ ᠳᠤᠰᠬᠤᠨ ᠣ ᠵᠡᠬᠡᠯᠢ ᠭᠤᠳᠤᠮᠵᠢ ᠶᠢᠨ ᠬᠠᠳᠠᠭᠤᠷᠠᠭᠤᠯᠤᠯᠳᠠ ᠶᠢᠨ ᠶᠡᠷᠦᠩᠬᠡᠢ ᠤᠷᠳᠤ  ᠨᠢ ᠪᠠᠷᠤᠭ 436 ᠺᠢᠯᠤᠮᠸᠲ᠋ᠷ ᠪᠠᠶᠢᠵᠤ ᠂ ᠮᠠᠯᠴᠢᠨ ᠳᠠᠷᠢᠶᠠᠴᠢᠨ ᠣ ᠭᠠᠷᠴᠤ ᠤᠷᠤᠬᠤ ᠨᠦᠬᠦᠴᠡᠯ ᠢ ᠰᠠᠶᠢᠵᠢᠷᠠᠭᠤᠯᠤᠨ᠎ᠠ ᠃
ᠠᠰᠢᠭ ᠬᠦᠷᠳᠡᠬᠦ ᠬᠦᠮᠦᠰ ᠄ ᠵᠠᠮ ᠬᠠᠷᠢᠯᠴᠠᠭ᠎ᠠ ᠳᠦᠬᠦᠮ ᠦᠬᠡᠢ ᠭᠠᠵᠠᠷ ᠤᠷᠤᠨ ᠣ ᠮᠠᠯᠴᠢᠨ ᠳᠠᠷᠢᠶᠠᠴᠢᠨ ᠃
3. ᠮᠠᠯᠵᠢᠬᠤ ᠲᠠᠷᠢᠶᠠᠯᠠᠬᠤ ᠤᠷᠤᠨ  ᠣ ᠡᠤᠤᠭᠤᠬᠤ ᠤᠰᠤᠠ  ᠤ ᠠᠮᠤᠷ ᠳᠦᠪᠰᠢᠠ  ᠤ ᠢᠨᠵᠸᠨᠸᠷᠢᠡᠭ ᠃ ᠤᠰᠤᠨ ᠣ ᠡᠬᠢ ᠰᠤᠷᠪᠤᠯᠵᠢ ᠂ ᠭᠠᠵᠠᠷ ᠰᠢᠨᠵᠢᠯᠡᠬᠡ ᠂ ᠬᠦᠮᠦᠨ ᠠᠮᠠ  ᠶᠢᠨ ᠰᠠᠭᠤᠷᠢᠰᠢᠯ ᠵᠡᠷᠬᠡ ᠪᠠᠶᠢᠳᠠᠯ ᠢ ᠦᠨᠳᠦᠰᠦᠯᠡᠨ ᠂ ᠳᠦᠬᠡᠬᠡᠯ ᠤᠰᠤᠨ ᠣ ᠢᠨᠵᠸᠨᠸᠷᠢᠩ ᠂ ᠬᠤᠳᠳᠤᠭ ᠦᠷᠦᠮᠳᠡᠵᠦ ᠤᠰᠤ ᠡᠷᠢᠬᠦ ᠢᠨᠵᠸᠨᠸᠷᠢᠩ ᠂ ᠤᠰᠤ ᠵᠢ ᠴᠡᠪᠡᠷᠰᠢᠬᠦᠯᠵᠤ ᠰᠢᠢᠳᠪᠦᠷᠢᠯᠡᠬᠦ ᠵᠡᠷᠬᠡ ᠤᠯᠠᠨ ᠠᠷᠭ᠎ᠠ ᠠᠪᠴᠠᠯ ᠢ ᠬᠡᠷᠡᠭᠵᠢᠬᠦᠯᠵᠤ ᠰᠢᠢᠳᠪᠦᠷᠢᠯᠡᠨ᠎ᠡ ᠃ ᠬᠠᠮᠤᠷᠤᠭᠳᠠᠬᠤ ᠬᠡᠪᠴᠢᠶ᠎ᠡ  ᠨᠢ ᠬᠦᠷᠦᠯᠴᠡᠬᠦ ᠦᠬᠡᠢ ᠂ ᠤᠳᠠᠭᠠᠨ ᠵᠢᠯ ᠰᠡᠯᠪᠢᠵᠤ ᠵᠠᠰᠠᠭᠰᠠᠨ ᠦᠬᠡᠢ ᠵᠡᠷᠬᠡ  ᠰᠢᠯᠳᠠᠭᠠᠨ  ᠠᠴᠠ ᠪᠤᠯᠵᠤ ᠦᠢᠯᠡᠳᠦᠯ ᠢᠶᠠᠨ ᠬᠡᠪ  ᠣᠨ ᠪᠠᠶᠢᠳᠠᠯ  ᠢᠶᠠᠷ ᠪᠠᠳᠠᠷᠠᠭᠤᠯᠵᠤ ᠴᠢᠳᠠᠬᠤ ᠦᠬᠡᠢ ᠪᠤᠯᠤᠭᠰᠠᠨ ᠤᠤᠭᠤᠬᠤ ᠤᠰᠤᠨ ᠣ ᠢᠨᠵᠸᠨᠸᠷᠢᠩ ᠢ ᠵᠠᠰᠠᠵᠤ ᠦᠬᠡᠷᠡᠴᠢᠯᠡᠨ᠎ᠡ ᠃ ᠤᠰᠤᠨ  ᠳᠡᠬᠢ ᠹᠸᠯᠤᠷ ᠂ ᠠᠷᠰᠸᠨ ᠣᠨ ᠠᠭᠤᠯᠤᠭᠳᠠᠴᠠ  ᠨᠢ ᠬᠡᠳᠦᠷᠡᠭᠰᠡᠨ ᠪᠠ ᠭᠠᠰᠢᠭᠤᠨ ᠱᠤᠷᠪᠤᠭ ᠤᠰᠤ ᠵᠡᠷᠬᠡ ᠠᠰᠠᠭᠤᠳᠠᠯ ᠢ ᠭᠤᠤᠯᠳᠠᠯᠭ᠎ᠠ ᠳᠠᠢ ᠰᠢᠢᠳᠪᠦᠷᠢᠯᠡᠨ᠎ᠡ ᠃
ᠬᠠᠷᠠᠯᠳᠠ ᠡᠬᠦᠷᠬᠡ ᠄ ᠳᠦᠪᠯᠡᠷᠡᠬᠦᠯᠦᠨ ᠤᠰᠤ ᠬᠠᠩᠭᠠᠬᠤ ᠂ ᠳᠠᠷᠬᠠᠢ ᠤᠤᠭᠤᠬᠤ ᠤᠰᠤᠨ ᠣ ᠠᠮᠤᠷ ᠲᠦᠪᠰᠢᠨ ᠢᠨᠵᠸᠨᠸᠷᠢᠩ ᠢ ᠬᠡᠷᠡᠭᠵᠢᠬᠦᠯᠵᠤ ᠂ 14711 ᠬᠦᠮᠦᠨ ᠣ ᠤᠤᠭᠤᠬᠤ ᠤᠰᠤᠨ ᠣ ᠠᠮᠤᠷ ᠳᠦᠪᠰᠢᠨ ᠣ ᠠᠰᠠᠭᠤᠳᠠᠯ ᠢ ᠰᠢᠢᠳᠪᠦᠷᠢᠯᠡᠨ᠎ᠡ ᠃
ᠠᠰᠢᠭ ᠬᠦᠷᠳᠡᠬᠦ ᠬᠦᠮᠦᠰ ᠄ ᠤᠰᠤ ᠳᠤᠳᠠᠭᠳᠠᠵᠤ ᠪᠠᠶᠢᠭ᠎ᠠ ᠪᠠ ᠤᠰᠤᠨ ᠣ ᠴᠢᠨᠠᠷ  ᠨᠢ ᠬᠢᠷᠢ ᠳᠡᠩᠴᠡᠬᠦ ᠦᠬᠡᠢ ᠤᠷᠤᠨ ᠣ ᠮᠠᠯᠴᠢᠨ ᠲᠠᠷᠢᠶᠠᠴᠢᠳ
4. ᠭᠠᠴᠠᠭ᠎ᠠ ᠳᠤᠰᠬᠤᠨ ᠪᠦᠷᠢ  ᠳᠤ ᠴᠠᠬᠢᠯᠭᠠᠨ ᠨᠡᠪᠳᠡᠷᠡᠬᠦᠯᠬᠦ ᠪᠠ ᠴᠠᠬᠢᠯᠭᠠᠠ ᠳᠤᠤᠷ  ᠢ ᠦᠬᠡᠷᠡᠴᠢᠯᠡᠨ ᠳᠡᠰ ᠳᠡᠪᠰᠢᠬᠦᠯᠬᠦ ᠢᠨᠵᠸᠨᠸᠷᠢᠩ ᠃ ᠪᠦᠳᠦᠬᠡᠨ ᠪᠠᠶᠢᠭᠤᠯᠤᠯᠳᠠ ᠶᠢᠨ ᠰᠢᠨ᠎ᠡ ᠪᠠᠷᠢᠮᠵᠢᠶ᠎ᠠ ᠪᠠ ᠱᠠᠭᠠᠷᠳᠠᠯᠭ᠎ᠠ ᠶᠤᠰᠤᠭᠠᠷ ᠂ ᠦᠬᠡᠷᠡᠴᠢᠯᠡᠬᠡᠳᠦᠢ ᠭᠠᠵᠠᠷ ᠤᠷᠤᠨ ᠣ ᠮᠠᠯᠵᠢᠬᠤ ᠳᠠᠷᠢᠶᠠᠯᠠᠬᠤ ᠤᠷᠤᠨ ᠣ ᠴᠠᠬᠢᠯᠭᠠᠨ ᠳᠤᠤᠷ  ᠳᠤ ᠪᠦᠬᠦ ᠳᠠᠯ᠎ᠠ  ᠪᠠᠷ ᠦᠬᠡᠷᠡᠴᠢᠯᠡᠯᠳᠡ ᠬᠢᠨ᠎ᠡ ︔ ᠨᠢᠬᠡᠨᠳᠡ ᠵᠠᠰᠠᠨ ᠦᠬᠡᠷᠡᠴᠢᠯᠡᠭᠰᠡᠨ ᠪᠤᠯᠪᠠᠴᠤ ᠪᠠᠰᠠ ᠴᠠᠬᠢᠯᠭᠠᠨ ᠬᠠᠩᠭᠠᠬᠤ ᠴᠢᠳᠠᠪᠤᠷᠢ ᠬᠦᠷᠦᠯᠴᠡᠬᠦ ᠦᠬᠡᠢ ᠂ ᠴᠠᠬᠢᠯᠭᠠᠨ ᠬᠠᠩᠭᠠᠬᠤ ᠪᠠᠳᠤᠯᠠᠭᠠᠳᠤ ᠴᠢᠨᠠᠷ  ᠨᠢ ᠳᠤᠤᠷ᠎ᠠ ᠪᠠᠶᠢᠬᠤ ᠠᠰᠠᠭᠤᠳᠠᠯ ᠳᠠᠢ ᠮᠠᠯᠵᠢᠬᠤ ᠳᠠᠷᠢᠶᠠᠯᠠᠬᠤ ᠤᠷᠤᠨ ᠣ ᠴᠠᠬᠢᠯᠭᠠᠨ ᠳᠤᠤᠷ  ᠢ ᠳᠡᠰ ᠳᠡᠪᠰᠢᠬᠦᠯᠵᠤ ᠦᠬᠡᠷᠡᠴᠢᠯᠡᠬᠦ  ᠶᠢᠨ ᠬᠠᠮᠳᠤ ᠂ ᠪᠤᠶᠢᠳᠠ ᠪᠦᠭᠯᠡᠬᠦᠦ ᠮᠠᠯᠵᠢᠬᠤ ᠳᠠᠷᠢᠶᠠᠯᠠᠬᠤ ᠤᠷᠤᠨ ᠣ ᠬᠡᠷᠡᠯ ᠰᠠᠯᠬᠢᠨ ᠢ ᠬᠠᠷᠢᠯᠴᠠᠨ ᠨᠦᠬᠦᠪᠦᠷᠢᠯᠡᠵᠦ ᠴᠠᠬᠢᠯᠭᠠᠨ ᠭᠠᠷᠭᠠᠬᠤ ᠳᠦᠬᠦᠬᠡᠷᠦᠮᠵᠢ ᠵᠢ ᠳᠡᠰ ᠳᠡᠪᠰᠢᠬᠦᠯᠦᠨ᠎ᠡ ᠃
ᠬᠠᠷᠠᠯᠳᠠ ᠡᠬᠦᠷᠬᠡ ᠄ 14 ᠰᠤᠮᠤ ᠪᠠᠯᠭᠠᠰᠤᠨ ᠣ 97 ᠭᠠᠴᠠᠭ᠎ᠠ ᠳᠤᠰᠬᠤᠨ  ᠳᠤ 3096 ᠢᠵᠢ ᠬᠡᠷᠡᠯ ᠰᠠᠯᠬᠢᠨ ᠬᠠᠷᠢᠯᠴᠠᠨ ᠨᠦᠬᠦᠪᠦᠷᠢᠯᠡᠬᠦ ᠰᠢᠰᠲ᠋ᠸᠮ  ᠣᠨ ᠭᠡᠷᠡᠯ ᠴᠠᠬᠢᠯᠭᠠᠨ ᠣ ᠪᠠᠭᠳᠠᠭᠠᠮᠵᠢ ᠵᠢ ᠨᠡᠮᠡᠭᠳᠡᠬᠦᠯᠵᠤ ᠂ 7 ᠰᠤᠮᠤ ᠪᠠᠯᠭᠠᠰᠤᠨ  ᠳᠤ 10 ᠺᠢᠯᠤᠸᠤᠯᠲ ᠂ 0.4 ᠺᠢᠯᠤᠸᠤᠯᠲ ᠣᠨ ᠱᠤᠭᠤᠮ ᠣᠨ ᠳᠡᠰ ᠲᠡᠪᠰᠢᠬᠦᠯᠦᠨ ᠦᠬᠡᠷᠡᠴᠢᠯᠡᠬᠦ ᠵᠢᠴᠢ ᠳᠤᠬᠢᠷᠠᠭᠤᠯᠤᠨ ᠬᠤᠪᠢᠷᠠᠭᠤᠯᠬᠤ ᠢᠨᠵᠸᠨᠸᠷᠢᠩ ᠢ ᠬᠡᠷᠡᠭᠵᠢᠬᠦᠯᠵᠤ ᠂ 55 ᠡᠷᠦᠬᠡ  ᠶᠢᠨ ᠰᠢᠨ᠎ᠡ ᠡᠨᠸᠷᠬᠢ ᠢ ᠬᠤᠪᠢᠷᠠᠭᠤᠯᠤᠨ ᠴᠠᠬᠢᠯᠭᠠᠨ ᠲᠤᠤᠷ  ᠢᠶᠠᠷ ᠴᠠᠬᠢᠯᠭᠠᠨ ᠬᠠᠩᠭᠠᠬᠤ ᠪᠠ ᠬᠢᠯᠢ ᠶᠢᠨ ᠰᠡᠷᠬᠡᠶᠢᠯᠡᠯᠳᠡ ᠶᠢᠨ ᠨᠠᠢᠮᠠᠳᠤᠭᠠᠷ ᠠᠩᠬᠢ ᠶᠢᠨ ᠴᠠᠬᠢᠯᠭᠠᠨ ᠨᠡᠪᠳᠡᠷᠡᠬᠦ ᠢᠨᠵᠸᠨᠸᠷᠢᠩ ᠢ ᠰᠢᠢᠳᠪᠦᠷᠢᠯᠡᠨ ᠂ ᠮᠠᠯᠵᠢᠬᠤ ᠳᠠᠷᠢᠶᠠᠯᠠᠬᠤ ᠤᠷᠤᠨ ᠣ ᠦᠢᠯᠡᠳᠪᠦᠷᠢᠯᠡᠯ ᠠᠮᠢᠳᠤᠷᠠᠯ ᠣᠨ ᠴᠠᠬᠢᠯᠭᠠᠨ ᠬᠡᠷᠡᠭᠰᠡᠬᠦ ᠱᠠᠭᠠᠷᠳᠠᠯᠭ᠎ᠠ ᠶᠢ ᠬᠦᠢᠴᠡᠳ ᠪᠠᠳᠤᠯᠠᠨ᠎ᠠ ᠃
ᠠᠰᠢᠭ ᠬᠦᠷᠳᠡᠬᠦ ᠬᠦᠮᠦᠰ ᠄ ᠪᠦᠬᠦ ᠮᠠᠯᠴᠢᠨ ᠳᠠᠷᠢᠶᠠᠴᠢᠨ ᠃
5. ᠭᠠᠴᠠᠭ᠎ᠠ ᠳᠤᠰᠬᠤᠠ ᠪᠦᠷᠢ  ᠳᠤ ᠷᠠᠳᠢᠥ ᠲᠸᠯᠸᠢᠰ ᠪᠠ ᠴᠢᠮᠡᠭᠡ ᠬᠤᠯᠪᠤᠭ᠎ᠠ ᠨᠡᠪᠳᠡᠷᠡᠬᠦᠯᠬᠦ ᠢᠨᠵᠸᠨᠸᠷᠢᠩ ᠃ ︽ ᠭᠠᠴᠠᠭ᠎ᠠ ᠳᠤᠰᠬᠤᠨ ᠪᠦᠷᠢ  ᠳᠤ ᠨᠡᠪᠳᠡᠷᠡᠬᠦ ︾ ᠳᠠᠭᠠᠭᠤᠯᠢ ᠤᠳᠤᠨ ᠣ ᠬᠤᠷᠢᠶᠠᠬᠤ ᠳᠦᠬᠦᠬᠡᠷᠦᠮᠵᠢ ᠶᠢ ᠳᠡᠰ ᠳᠡᠪᠰᠢᠬᠦᠯᠦᠨ ︽ ᠡᠷᠦᠬᠡ ᠪᠦᠷᠢ  ᠳᠤ ᠨᠡᠪᠳᠡᠷᠡᠬᠦ ︾ ᠳᠠᠭᠠᠭᠤᠯᠢ ᠤᠳᠤᠨ ᠣ ᠬᠤᠷᠢᠶᠠᠬᠤ ᠳᠦᠬᠦᠬᠡᠷᠦᠮᠵᠢ ᠪᠤᠯᠭᠠᠵᠤ ᠂ ᠳᠦᠪ ᠬᠤᠷᠢᠶ᠎ᠠ ᠂ ᠦᠪᠡᠷᠳᠡᠬᠡᠨ ᠵᠠᠰᠠᠬᠤ ᠤᠷᠤᠨ ᠂ ᠠᠯᠠᠱᠠ ᠶᠢᠨ ᠲᠸᠯᠸᠢᠰ ᠢ ᠬᠤᠷᠢᠶᠠᠨ ᠦᠵᠡᠬᠦ ᠠᠰᠠᠭᠤᠳᠠᠯ ᠢ ᠰᠢᠢᠳᠪᠦᠷᠢᠯᠡᠨ᠎ᠡ ︔ ︽ ᠭᠠᠴᠠᠭ᠎ᠠ ᠳᠤᠰᠬᠤᠨ ᠪᠦᠷᠢ  ᠳᠤ ᠷᠠᠳᠢᠣ᠋ ᠨᠡᠪᠳᠡᠷᠡᠬᠦ ︾ ᠢᠨᠵᠸᠨᠸᠷᠢᠩ  ᠪᠠᠷ ᠳᠦᠪ ᠬᠤᠷᠢᠶ᠎ᠠ ᠂ ᠦᠪᠡᠷᠳᠡᠬᠡᠨ ᠵᠠᠰᠠᠬᠤ ᠤᠷᠤᠨ ᠣ ᠷᠠᠳᠢᠤ᠋ ᠢ ᠬᠤᠷᠢᠶᠠᠨ ᠰᠤᠨᠤᠰᠬᠤ ᠠᠰᠠᠭᠤᠳᠠᠯ ᠢ ᠰᠢᠢᠳᠪᠦᠷᠢᠯᠡᠨ᠎ᠡ ︔ ᠠᠶᠢᠯ ᠳᠤᠰᠬᠤᠨ ᠣ ᠰᠦᠯᠵᠢᠶ᠎ᠡ ᠂ ᠳ᠋ᠢᠶᠠᠩᠬᠤᠸᠠ ᠨᠡᠪᠳᠡᠷᠡᠬᠦ ᠶᠢ ᠯᠠᠪᠳᠠᠭᠤᠨ ᠢᠶᠠᠷ ᠠᠬᠢᠭᠤᠯᠤᠨ᠎ᠠ ᠃
ᠬᠠᠷᠠᠯᠳᠠ ᠡᠬᠦᠷᠬᠡ ᠄ 95 ᠭᠠᠴᠠᠭ᠎ᠠ ᠳᠤᠰᠬᠤᠨ ᠣ 2480 ᠡᠷᠦᠬᠡ  ᠳᠤ ᠭᠠᠴᠠᠭ᠎ᠠ ᠳᠤᠰᠬᠤᠨ ᠪᠦᠷᠢ  ᠳᠤ ᠨᠡᠪᠳᠡᠷᠡᠬᠦ ᠲᠸᠯᠸᠢᠰ ᠣᠨ ᠳᠦᠬᠦᠬᠡᠷᠦᠮᠵᠢ ᠶᠢ ᠤᠭᠰᠠᠷᠠᠵᠤ ᠂ 114 ᠭᠠᠴᠠᠭ᠎ᠠ ᠳᠤᠰᠬᠤᠨ  ᠳᠤ ᠭᠠᠴᠠᠭ᠎ᠠ ᠳᠤᠰᠬᠤᠨ ᠪᠦᠷᠢ  ᠳᠤ ᠷᠠᠳᠢᠤ᠋ ᠨᠡᠪᠳᠡᠷᠡᠬᠦ ᠪᠦᠳᠦᠬᠡᠨ ᠪᠠᠶᠢᠭᠤᠯᠤᠯᠳᠠ ᠪᠠ 3 ᠰᠠᠤᠷᠢ ᠳᠤᠭᠠᠴᠢᠯᠠᠭᠰᠠᠨ ᠲᠸᠯᠸᠢᠰ ᠣᠨ ᠳᠠᠮᠵᠢᠭᠤᠯᠤᠨ ᠬᠤᠷᠢᠶᠠᠬᠤ ᠦᠷᠳᠡᠬᠡᠨ ᠣ ᠪᠠᠶᠢᠭᠤᠯᠤᠯᠳᠠ ᠶᠢ ᠬᠡᠷᠡᠭᠵᠢᠬᠦᠯᠵᠤ ᠂ ᠪᠦᠬᠦ ᠳᠠᠯ᠎ᠠ  ᠪᠠᠷ ᠪᠡᠶᠡᠯᠡᠬᠦᠯᠦᠨ᠎ᠡ ᠃
ᠠᠰᠢᠭ ᠬᠦᠷᠳᠡᠬᠦ ᠬᠦᠮᠦᠰ ᠄ ᠪᠦᠬᠦ ᠮᠠᠯᠴᠢᠨ ᠳᠠᠷᠢᠶᠠᠴᠢᠨ ᠃
6. ᠰᠤᠷᠭᠠᠭᠤᠯᠢ  ᠶᠢᠨ ᠪᠠᠶᠢᠷᠢ  ᠶᠢᠨ ᠪᠦᠳᠦᠬᠡᠨ ᠪᠠᠶᠢᠭᠤᠯᠤᠯᠳᠠ ᠪᠤᠯᠤᠨ ᠠᠮᠤᠷ ᠲᠦᠪᠰᠢᠨ ᠪᠤᠯᠭᠠᠵᠤ ᠦᠬᠡᠷᠡᠴᠢᠯᠡᠨ ᠪᠠᠶᠢᠭᠤᠯᠬᠤ ᠢᠨᠵᠸᠨᠸᠷᠢᠩ ᠃ ᠮᠠᠯᠵᠢᠬᠤ ᠲᠠᠷᠢᠶᠠᠯᠠᠬᠤ ᠤᠷᠤᠨ ᠣ ᠰᠤᠷᠤᠭᠴᠢᠳ ᠣᠨ ᠰᠣᠷᠭᠠᠭᠤᠯᠢ  ᠳᠣ ᠤᠷᠤᠬᠤ ᠳ᠋ᠣ ᠬᠦᠴᠢᠷ ᠂ ᠰᠤᠷᠤᠯᠴᠠᠬᠤ ᠨᠦᠬᠦᠴᠡᠯ ᠠᠨᠠᠢ ᠠᠰᠠᠭᠤᠳᠠᠯ ᠢ ᠦᠨᠡᠨᠬᠦ ᠰᠢᠢᠳᠪᠦᠷᠢᠯᠡᠨ᠎ᠡ ᠃ ᠨᠢᠬᠡᠨᠳᠡ ᠭᠡᠷᠡᠭᠵᠢᠬᠦᠯᠦᠭᠰᠡᠨ ᠰᠤᠷᠭᠠᠭᠤᠯᠢ  ᠶᠢᠨ ᠪᠠᠶᠢᠷᠢ ᠶᠢᠨ ᠪᠦᠳᠦᠬᠡᠨ ᠪᠠᠶᠢᠭᠤᠯᠤᠯᠳᠠ ᠵᠢᠴᠢ ᠠᠮᠤᠷ ᠲᠦᠪᠰᠢᠨ ᠪᠤᠯᠭᠠᠵᠤ ᠦᠬᠡᠷᠡᠴᠢᠯᠡᠨ ᠪᠠᠶᠢᠭᠤᠯᠬᠤ ᠢᠨᠵᠸᠨᠸᠷᠢᠩ  ᠣᠨ ᠰᠠᠭᠤᠷᠢᠨ ᠲᠡᠭᠡᠷ᠎ᠡ ᠂ ᠲᠤᠰᠬᠤᠨ ᠪᠠᠯᠭᠠᠰᠤᠨ  ᠣ ᠪᠦᠳᠦᠬᠡᠨ ᠪᠠᠶᠢᠭᠤᠯᠤᠯᠳᠠ  ᠶᠢᠨ ᠲᠦᠯᠦᠪᠵᠢᠬᠦᠯᠬᠡ ᠂ ᠬᠦᠮᠦᠨ ᠠᠮᠠ  ᠶᠢᠨ ᠨᠡᠬᠦᠳᠡᠯᠯᠡᠬᠦ ᠬᠠᠨᠳᠤᠰᠢ ᠪᠤᠯᠤᠨ ᠰᠤᠷᠭᠠᠭᠤᠯᠢ ᠶᠢᠨ ᠪᠠᠶᠢᠷᠢᠰᠢᠯᠳᠠ ᠵᠢ ᠦᠨᠳᠦᠰᠦᠯᠡᠨ ᠂ ᠬᠡᠷᠡᠭᠯᠡᠵᠦ ᠬᠦᠢᠴᠡᠬᠦ ᠠᠰᠢᠭᠯᠠᠵᠤ ᠲᠡᠶᠢᠯᠬᠦ ᠵᠠᠷᠴᠢᠮ ᠶᠤᠰᠤᠭᠠᠷ ᠂ ᠭᠠᠴᠠᠭ᠎ᠠ ᠲᠤᠰᠬᠤᠨ  ᠣ ᠬᠡᠤᠬᠡᠳ  ᠣᠨ ᠴᠡᠴᠡᠷᠯᠢᠭ  ᠢ ᠰᠤᠷᠭᠠᠭᠤᠯᠢ  ᠶᠢᠨ ᠪᠠᠶᠢᠷᠢ  ᠶᠢᠨ ᠬᠡᠷ  ᠣᠨ ᠠᠮᠤᠷ ᠲᠦᠪᠰᠢᠨ ᠣ ᠢᠨᠵᠸᠨᠸᠷᠢᠩ ᠳᠣ ᠤᠷᠤᠭᠤᠯᠤᠨ ᠵᠡᠷᠭᠡᠪᠡᠷ ᠬᠡᠷᠡᠭᠵᠢᠬᠦᠯᠦᠨ᠎ᠡ ᠃
ᠬᠠᠷᠠᠯᠳᠠ ᠡᠬᠦᠷᠬᠡ ᠄ ᠪᠠᠷᠠᠭᠤᠨ ᠪᠡᠯ ᠪᠠᠯᠭᠠᠰᠤ ᠂ ᠤᠨᠳᠤᠷᠤᠯᠳᠤ ᠪᠠᠯᠭᠠᠰᠤ ᠂ ᠤᠯᠠᠨᠪᠤᠯᠠᠭ ᠪᠠᠯᠭᠠᠰᠤᠨ  ᠣ 3 ᠬᠡᠤᠬᠡᠳ  ᠣᠨ ᠴᠡᠴᠡᠷᠯᠢᠭ  ᠢ ᠰᠢᠨ᠎ᠡ  ᠪᠠᠷ ᠪᠠᠶᠢᠭᠤᠯᠵᠤ ᠂ ᠶᠡᠷᠦᠩᠬᠡᠶᠢᠯᠡᠭᠰᠡᠨ ᠵᠢᠭᠠᠨ ᠰᠤᠷᠭᠠᠯᠳᠠ  ᠶᠢᠨ ᠠᠰᠠᠷ ᠪᠦᠷᠢ  ᠶᠢᠨ ᠲᠠᠯᠠᠪᠠᠢ  ᠨᠢ 2200 ᠲᠡᠭᠰᠢ ᠲᠦᠷᠪᠡᠯᠵᠢᠨ ᠮᠸᠲ᠋ᠷ ᠪᠤᠯᠤᠨ᠎ᠠ ᠃
ᠠᠰᠢᠭ ᠬᠦᠷᠳᠡᠬᠦ ᠬᠦᠮᠦᠰ ᠄ ᠬᠡᠤᠬᠡᠳ  ᠣᠨ ᠴᠡᠴᠡᠷᠯᠢᠭ ᠪᠠᠶᠢᠭᠤᠯᠤᠭᠰᠠᠨ ᠭᠠᠵᠠᠷ ᠤᠷᠤᠨ  ᠣ ᠮᠠᠯᠴᠢᠨ ᠲᠠᠷᠢᠶᠠᠴᠢᠳ
7. ᠭᠠᠴᠠᠭ᠎ᠠ ᠲᠤᠰᠬᠤᠨ  ᠣ ᠪᠠᠷᠢᠮᠵᠢᠶᠠᠵᠢᠭᠰᠠᠨ ᠡᠷᠡᠬᠦᠯ ᠬᠠᠮᠠᠭᠠᠯᠠᠯ  ᠣᠨ ᠲᠠᠰᠤᠭ  ᠣᠨ ᠢᠨᠵᠸᠨᠸᠷᠢᠩ ᠃ ᠬᠠᠮᠤᠷᠤᠭᠳᠠᠵᠤ ᠪᠠᠶᠢᠭ᠎ᠠ ᠬᠦᠮᠦᠨ ᠠᠮᠠ  ᠶᠢᠨ ᠲᠤᠭ᠎ᠠ ᠪᠠ ᠬᠡᠮᠵᠢᠶ᠎ᠡ ᠵᠢ ᠦᠨᠳᠦᠰᠦᠯᠡᠨ ᠂ ︽ ᠲᠤᠭᠳᠠᠮᠠᠯ ᠪᠤᠯᠤᠨ ᠬᠦᠳᠡᠯᠦᠩᠬᠦᠢ ᠵᠢ ᠬᠠᠷᠢᠯᠴᠠᠨ ᠤᠶᠠᠯᠳᠤᠭᠤᠯᠵᠤ ᠂ ᠪᠠᠯᠭᠠᠰᠣ ᠲᠤᠰᠬᠤᠨ  ᠢ ᠨᠢᠬᠡ ᠴᠤᠭᠴᠠᠵᠢᠭᠤᠯᠤᠨ ᠬᠠᠮᠢᠶᠠᠷᠬᠤ ︾ ᠵᠠᠷᠴᠢᠮ ᠶᠤᠰᠤᠭᠠᠷ ᠂ ᠪᠠᠷᠢᠮᠵᠢᠶᠠᠵᠢᠭᠰᠠᠨ ᠭᠠᠴᠠᠭ᠎ᠠ ᠲᠤᠰᠬᠤᠨ  ᠣ ᠡᠷᠡᠬᠦᠯ ᠬᠠᠮᠠᠭᠠᠯᠠᠯ  ᠣᠨ ᠲᠠᠰᠤᠭ  ᠢ ᠪᠦᠳᠦᠬᠡᠨ ᠪᠠᠶᠢᠭᠤᠯᠵᠤ ᠂ ᠬᠦᠮᠦᠨ ᠂ ᠬᠡᠷ ᠪᠠᠶᠢᠰᠢᠩ ᠂ ᠲᠦᠬᠦᠬᠡᠷᠦᠮᠵᠢ ᠬᠠᠷᠢᠯᠴᠠᠨ ᠢᠵᠢ ᠪᠦᠷᠢᠳᠦᠨ ᠂ ᠬᠠᠳᠠᠭᠤ ᠲᠤᠨᠤᠭ  ᠢ ᠪᠠᠷᠢᠮᠵᠢᠶᠠᠵᠢᠭᠤᠯᠵᠤ ᠂ ᠵᠦᠬᠡᠯᠡᠨ ᠲᠤᠨᠤᠭ ᠢ ᠲᠦᠷᠢᠮᠵᠢᠬᠦᠯᠦᠨ ᠂ ᠦᠨᠳᠦᠰᠦᠨ ᠱᠠᠳᠤᠨ ᠣ ᠡᠮ ᠡᠮᠨᠡᠯᠬᠡ ᠡᠷᠡᠬᠦᠯ ᠬᠠᠮᠠᠭᠠᠯᠠᠯ  ᠣᠨ ᠦᠢᠯᠡᠴᠢᠯᠡᠬᠡᠨ ᠣ ᠬᠢᠷᠢ ᠲᠦᠪᠰᠢᠨ  ᠢ ᠲᠡᠭᠡᠭᠰᠢᠯᠡᠬᠦᠯᠵᠦ ᠂ ᠮᠠᠯᠴᠢᠨ ᠲᠠᠷᠢᠶᠠᠴᠢᠨ ᠤᠯᠠᠨ ᠲᠦᠮᠡᠨ ᠳ᠋ᠣ ᠠᠮᠤᠷ ᠲᠦᠪᠰᠢᠨ ᠂ ᠪᠦᠳᠦᠮᠵᠢᠳᠡᠢ ᠂ ᠲᠦᠬᠦᠮ ᠲᠦᠳᠡ ᠂ ᠬᠢᠮᠳᠡ ᠲᠤᠬᠢᠯᠢᠭ ᠨᠡᠶᠢᠳᠡ  ᠶᠢᠨ ᠡᠷᠡᠬᠦᠯ ᠬᠠᠮᠠᠭᠠᠯᠠᠯ ᠪᠤᠯᠤᠨ ᠦᠨᠳᠦᠰᠦᠨ ᠡᠮ ᠡᠮᠨᠡᠯᠬᠡ  ᠶᠢᠨ ᠦᠢᠯᠡᠴᠢᠯᠡᠬᠡ ᠵᠢ ᠬᠠᠩᠭᠠᠨ᠎ᠠ ᠃
ᠬᠠᠷᠠᠯᠳᠠ ᠡᠬᠦᠷᠬᠡ ᠄ 34 ᠭᠠᠴᠠᠭ᠎ᠠ ᠲᠤᠰᠬᠤᠨ ᠣ ᠪᠠᠷᠢᠮᠵᠢᠶᠠᠵᠢᠭᠰᠠᠨ ᠡᠷᠡᠬᠦᠯ ᠬᠠᠮᠠᠭᠠᠯᠠᠯ  ᠣᠨ ᠲᠠᠰᠤᠭ  ᠢ ᠪᠠᠶᠢᠭᠤᠯᠵᠤ ︵ ᠡᠬᠦᠨ  ᠣ ᠲᠤᠳᠤᠷ᠎ᠠ 17 ᠬᠦᠳᠡᠯᠦᠩᠬᠦᠢ ᠡᠷᠡᠬᠦᠯ ᠬᠠᠮᠠᠭᠠᠯᠠᠯ ᠣᠨ ᠲᠠᠰᠤᠭ ︶ ᠂ ᠮᠠᠯᠵᠢᠬᠤ ᠲᠠᠷᠢᠶᠠᠯᠠᠬᠤ ᠤᠷᠤᠨ  ᠣ ᠨᠡᠶᠢᠳᠡ 2287 ᠡᠷᠦᠬᠡ ᠂ 6688 ᠬᠦᠮᠦᠨ  ᠣ ᠦᠨᠳᠦᠰᠦᠨ ᠡᠮᠳᠦ ᠪᠤᠳᠠᠰ ᠪᠤᠯᠤᠨ ᠡᠮᠴᠢᠯᠡᠬᠡ ᠬᠢᠬᠦ ᠦᠢᠯᠡᠴᠢᠯᠡᠬᠡ ᠵᠢ ᠰᠢᠢᠳᠪᠦᠷᠢᠯᠡᠨ᠎ᠡ ᠃
ᠠᠰᠢᠭ ᠬᠦᠷᠳᠡᠬᠦ ᠬᠦᠮᠦᠰ ᠄ ᠪᠦᠬᠦ ᠮᠠᠯᠴᠢᠨ ᠲᠠᠷᠢᠶᠠᠴᠢᠨ
8. ᠭᠠᠴᠠᠭ᠎ᠠ ᠲᠤᠰᠬᠤᠨ  ᠣ ᠰᠤᠶᠣᠯ ᠣᠨ ᠠᠵᠢᠯᠯᠠᠭᠠᠨ ᠣ ᠲᠠᠰᠤᠭ  ᠣᠨ ᠢᠨᠵᠸᠨᠸᠷᠢᠩ ᠃ ᠭᠠᠴᠠᠭ᠎ᠠ ᠲᠤᠰᠬᠤᠨ  ᠨᠢ ᠰᠤᠯᠠ ᠪᠠᠶᠢᠭ᠎ᠠ ᠬᠠᠮᠳᠤ ᠨᠡᠶᠢᠳᠡ  ᠶᠢᠨ ᠬᠡᠷ ᠪᠠᠶᠢᠰᠢᠩ ᠂ ᠲᠠᠯ᠎ᠠ ᠨᠤᠳᠤᠭ ᠣᠨ ᠨᠤᠮ  ᠣᠨ ᠦᠷᠦᠬᠡ ᠂ ᠨᠠᠮ  ᠣᠨ ᠬᠡᠰᠢᠬᠦᠨ  ᠣ ᠠᠵᠢᠯᠯᠠᠭᠠᠨ ᠣ ᠲᠠᠰᠤᠭ ᠵᠡᠷᠬᠡ ᠡᠬᠢ ᠪᠠᠶᠠᠯᠢᠭ ᠲᠣ ᠲᠦᠰᠢᠭᠯᠡᠵᠦ ᠂ ᠰᠤᠶᠤᠯ ᠣᠨ ᠠᠵᠢᠯᠯᠠᠭᠠᠨ ᠣ ᠲᠠᠰᠤᠭ  ᠣᠨ ᠪᠦᠳᠦᠬᠡᠨ ᠪᠠᠶᠢᠭᠤᠯᠤᠯᠳᠠ  ᠶᠢᠨ ᠭᠠᠵᠠᠷ  ᠢ ᠵᠦᠢ ᠵᠤᠬᠢᠰᠳᠠᠢ  ᠪᠠᠷ ᠲᠤᠭᠳᠠᠭᠠᠨ ᠂ ᠡᠯᠪᠡᠭ ᠪᠠᠶᠠᠯᠢᠭ ᠠᠭᠤᠯᠭ᠎ᠠ  ᠲᠠᠢ ᠮᠠᠯᠴᠢᠨ ᠲᠠᠷᠢᠶᠠᠴᠢᠨ  ᠣ ᠰᠤᠶᠤᠯ  ᠣᠨ ᠠᠵᠢᠯᠯᠠᠭᠠᠨ ᠢ ᠦᠷᠨᠢᠬᠦᠯᠵᠦ ᠂ ᠮᠠᠯᠴᠢᠨ ᠲᠠᠷᠢᠶᠠᠴᠢᠨ  ᠣ ᠡᠳᠦᠷ ᠢᠷᠡᠬᠦᠶ᠎ᠡ ᠨᠡᠮᠡᠭᠳᠡᠵᠦ ᠪᠠᠶᠢᠭ᠎ᠠ ᠰᠤᠶᠤᠯ  ᠣᠨ ᠱᠠᠭᠠᠷᠳᠠᠯᠭ᠎ᠠ ᠵᠢ ᠬᠠᠩᠭᠠᠨ᠎ᠠ ᠃
ᠬᠠᠷᠠᠯᠳᠠ ᠡᠬᠦᠷᠬᠡ ᠄ 14 ᠰᠤᠮᠤ ᠪᠠᠯᠭᠠᠰᠤᠨ  ᠣ 123 ᠭᠠᠴᠠᠭ᠎ᠠ ᠲᠤᠰᠬᠤᠨ  ᠳᠣ 5000 ᠲᠦᠬᠦᠷᠢᠭ  ᠣᠨᠦᠷᠳᠡᠭ ᠪᠦᠬᠦᠢ ᠰᠤᠶᠤᠯ  ᠣᠨ ᠲᠦᠬᠦᠬᠡᠷᠦᠮᠵᠢ ᠵᠢ ᠪᠦᠷᠢᠳᠦᠬᠦᠯᠵᠦ ᠂ ᠬᠦᠳᠡᠬᠡ ᠲᠤᠰᠬᠤᠨ ᠮᠠᠯᠵᠢᠬᠤ ᠤᠷᠤᠨ  ᠣ ᠰᠤᠶᠤᠯ  ᠣᠨ ᠠᠵᠢᠯᠯᠠᠭᠠᠨ  ᠣ ᠲᠠᠰᠤᠭ  ᠢ ᠪᠦᠬᠦᠨ  ᠢ ᠪᠦᠷᠬᠦᠬᠦᠯᠦᠨ᠎ᠡ ᠃
ᠠᠰᠢᠭ ᠬᠦᠷᠳᠡᠬᠦ ᠬᠦᠮᠦᠰ ᠄ ᠪᠦᠬᠦ ᠮᠠᠯᠴᠢᠨ ᠲᠠᠷᠢᠶᠠᠴᠢᠨ ᠃
9. ᠠᠷᠠᠳ ᠲᠣ ᠲᠦᠬᠦᠮ ᠦᠵᠡᠬᠦᠯᠬᠦ ᠬᠡᠯᠬᠢᠶ᠎ᠡ ᠬᠡᠳᠦ ᠲᠡᠯᠬᠡᠬᠦᠷ ᠵᠢᠴᠢ ᠲᠠᠸᠠᠷ ᠲᠤᠬᠢᠷᠠᠭᠤᠯᠤᠨ ᠬᠦᠷᠬᠡᠬᠦ ᠲᠦᠪ  ᠣᠨ ᠢᠨᠵᠸᠨᠸᠷᠢᠩ ᠃ ᠪᠤᠳᠠᠳᠤ ᠪᠠᠶᠢᠳᠠᠯ  ᠢ ᠦᠨᠳᠦᠰᠦᠯᠡᠨ ᠂ ︽ ᠲᠦᠮᠡ ᠮᠢᠩᠭᠠᠨ ᠲᠤᠰᠬᠤᠨ ︾  ᠣ ᠵᠠᠬ᠎ᠠ ᠲᠡᠯᠬᠡᠬᠦᠷ  ᠣᠨ ᠢᠨᠵᠸᠨᠸᠷᠢᠩ ᠪᠤᠯᠤᠨ ︽ ᠰᠢᠨ᠎ᠡ ᠲᠤᠤᠷ  ᠣᠨ ᠢᠨᠵᠸᠨᠸᠷᠢᠩ ︾  ᠲᠠᠢ ᠤᠶᠠᠯᠳᠤᠭᠤᠯᠤᠨ ᠂ ᠡᠵᠡᠩᠨᠡᠭᠴᠢᠳ ᠠᠷᠠᠳ  ᠲᠣ ᠲᠦᠬᠦᠮ ᠦᠵᠡᠬᠦᠯᠬᠦ ᠬᠡᠯᠬᠢᠶ᠎ᠡ ᠬᠡᠳᠦ ᠲᠡᠯᠬᠡᠬᠦᠷ  ᠢ ᠦᠭᠡᠷᠡᠴᠢᠯᠡᠨ ᠪᠠᠶᠢᠭᠤᠯᠬᠤ ᠡᠰᠡᠬᠦᠯ᠎ᠡ ᠰᠢᠨ᠎ᠡ  ᠪᠠᠷ ᠪᠠᠶᠢᠭᠤᠯᠬᠤ ᠵᠢ ᠵᠤᠷᠢᠭᠵᠢᠭᠤᠯᠤᠨ ᠲᠡᠮᠵᠢᠵᠦ ᠂ ᠪᠦᠬᠦ ᠬᠤᠰᠢᠭᠤᠨ  ᠣ ᠰᠢᠨ᠎ᠡ ᠬᠦᠳᠡᠬᠡ ᠲᠤᠰᠬᠤᠨ  ᠣ ᠤᠳᠤᠬᠢᠴᠢᠯᠠᠭᠰᠠᠨ ᠬᠦᠢᠯᠬᠡᠯᠡᠬᠦ ᠲᠤᠭᠳᠠᠴᠠ ᠵᠢ ᠠᠯᠬᠤᠮ ᠠᠯᠬᠤᠮ  ᠢᠶᠠᠷ ᠪᠠᠶᠢᠭᠤᠯᠤᠨ ᠂ ᠬᠦᠳᠡᠬᠡ ᠲᠤᠰᠬᠤᠨ  ᠣ ᠵᠠᠬ᠎ᠠ ᠲᠡᠯᠬᠡᠬᠦᠷ  ᠢ ᠨᠡᠬᠡᠬᠡᠵᠦ ᠂ ᠮᠠᠯᠵᠢᠬᠤ ᠲᠠᠷᠢᠶᠠᠯᠠᠬᠤ ᠤᠷᠤᠨ  ᠣ ᠬᠡᠷᠡᠭᠯᠡᠬᠡ ᠵᠢ ᠶᠡᠬᠡᠰᠬᠡᠵᠦ ᠂ ᠮᠠᠯᠵᠢᠬᠤ ᠲᠠᠷᠢᠶᠠᠯᠠᠬᠤ ᠤᠷᠤᠨ  ᠣ ᠬᠡᠷᠡᠭᠯᠡᠬᠡᠨ  ᠣ ᠠᠮᠤᠷ ᠲᠦᠪᠰᠢᠨ ᠂ ᠲᠦᠬᠦᠮ ᠲᠦᠳᠡ ᠵᠢ ᠪᠠᠳᠤᠯᠠᠨ᠎ᠠ ᠃
ᠬᠠᠷᠠᠯᠳᠠ ᠡᠬᠦᠷᠬᠡ ᠄ ᠪᠠᠶᠠᠨᠬᠤᠳᠠ ᠪᠠᠯᠭᠠᠰᠤᠨ  ᠣ 1 ᠲᠠᠸᠠᠷ ᠲᠤᠬᠢᠷᠠᠭᠤᠯᠤᠨ ᠬᠦᠷᠬᠡᠬᠦ ᠲᠦᠪ  ᠢ ᠪᠠᠶᠢᠭᠤᠯᠤᠨ᠎ᠠ ︔ ᠭᠠᠴᠠᠭ᠎ᠠ ᠲᠤᠰᠬᠤᠨ  ᠣ ᠠᠷᠠᠳ ᠲᠣ ᠲᠦᠬᠦᠮ ᠦᠵᠡᠬᠦᠯᠬᠦ 22 ᠬᠡᠳᠦ ᠲᠡᠯᠬᠡᠬᠦᠷ  ᠢ ᠦᠬᠡᠷᠡᠴᠢᠯᠡᠨ ᠪᠠᠶᠢᠭᠤᠯᠤᠨ᠎ᠠ ᠃
ᠠᠰᠢᠭ ᠬᠦᠷᠳᠡᠬᠦ ᠬᠦᠮᠦᠰ ᠄ ᠪᠦᠬᠦ ᠮᠠᠯᠴᠢᠨ ᠲᠠᠷᠢᠶᠠᠴᠢᠨ ᠃
10. ᠬᠦᠳᠡᠭᠡ ᠲᠤᠰᠬᠤᠨ ᠮᠠᠯᠵᠢᠬᠤ ᠤᠷᠤᠨ  ᠣ ᠨᠡᠶᠢᠬᠡᠮ  ᠣᠨ ᠪᠠᠳᠤᠯᠠᠭᠠᠨ  ᠣ ᠢᠨᠵᠸᠨᠸᠷᠢᠩ ᠃ ᠮᠠᠯᠵᠢᠬᠤ ᠲᠠᠷᠢᠶᠠᠯᠠᠬᠤ ᠤᠷᠤᠨ  ᠳᠣ ᠦᠨᠳᠦᠰᠦᠨ ᠨᠠᠰᠤᠵᠢᠯ ᠂ ᠦᠨᠳᠦᠰᠦᠨ ᠡᠮ ᠡᠮᠨᠡᠯᠬᠡ ᠂ ᠬᠠᠮᠤᠭ  ᠣᠨ ᠲᠤᠤᠷ᠎ᠠ ᠠᠮᠢᠳᠤᠷᠠᠯ  ᠣᠨ ᠪᠠᠳᠤᠯᠠᠭ᠎ᠠ  ᠪᠠᠷ ᠭᠤᠤᠯᠳᠠᠯᠭ᠎ᠠ ᠪᠤᠯᠭᠠᠭᠰᠠᠨ ᠨᠡᠶᠢᠬᠡᠮ  ᠣᠨ ᠪᠠᠳᠤᠯᠠᠭᠠᠨ  ᠣ ᠲᠤᠭᠳᠠᠯᠴᠠᠭ᠎ᠠ ᠵᠢ ᠪᠠᠶᠢᠭᠤᠯᠵᠤ ᠂ ᠦᠷᠬᠡᠨ ᠤᠯᠠᠨ ᠮᠠᠯᠴᠢᠨ ᠲᠠᠷᠢᠶᠠᠴᠢᠨ  ᠢ ᠦᠳᠡᠯᠦᠬᠡ ᠨᠠᠰᠤᠨ  ᠳᠣ  ᠨᠢ ᠠᠰᠠᠷᠠᠮᠵᠢ  ᠲᠠᠢ ᠂ ᠡᠪᠡᠳᠴᠢᠨ ᠡᠮᠬᠡᠭ  ᠲᠣ ᠨᠡᠷᠪᠡᠭᠳᠡᠪᠡᠯ ᠡᠮᠴᠢᠯᠡᠬᠡ  ᠲᠠᠢ ᠂ ᠠᠮᠢᠳᠤᠷᠠᠯ  ᠢ  ᠨᠢ ᠪᠠᠳᠤᠯᠠᠭ᠎ᠠ  ᠲᠠᠢ ᠪᠤᠯᠭᠠᠨ᠎ᠠ ᠃ ︽ ᠰᠢᠨ᠎ᠡ ᠬᠡᠯᠪᠡᠷᠢ  ᠶᠢᠨ ᠬᠦᠳᠡᠭᠡ ᠲᠤᠰᠬᠤᠨ  ᠣ ᠲᠠᠭᠠᠳᠬᠠᠯ ︾ ᠂ ︽ ᠰᠢᠨ᠎ᠡ ᠬᠡᠯᠪᠡᠷᠢ  ᠶᠢᠨ ᠬᠤᠷᠰᠢᠭᠰᠠᠨ ᠡᠮᠨᠡᠯᠬᠡ ︾ ᠂ ︽ ᠬᠠᠮᠤᠭ  ᠣᠨ ᠲᠤᠤᠷ᠎ᠠ ᠠᠮᠢᠳᠤᠷᠠᠯ  ᠣᠨ ᠪᠠᠳᠤᠯᠠᠭ᠎ᠠ ︾ ᠵᠡᠷᠬᠡ ᠲᠦᠷᠢᠮ  ᠢᠶᠠᠷ ᠲᠠᠮᠵᠢᠵᠤ ᠂ ᠪᠠᠳᠤᠯᠠᠭᠠᠨ  ᠣ ᠬᠦᠮᠦᠨ ᠠᠮᠠ  ᠶᠢᠨ ᠶᠡᠷᠦᠩᠬᠡᠢ ᠬᠡᠮᠵᠢᠶ᠎ᠡ ᠵᠢ ᠦᠨᠳᠦᠰᠦᠨ  ᠳᠡᠬᠡᠨ ᠲᠤᠭᠳᠠᠪᠤᠷᠢᠳᠠᠢ ᠪᠠᠶᠢᠯᠭᠠᠬᠤ ᠵᠢ ᠪᠠᠳᠤᠯᠠᠭᠰᠠᠨ ᠰᠠᠭᠤᠷᠢᠨ ᠲᠡᠭᠡᠷ᠎ᠡ ᠂ ᠬᠦᠳᠡᠯᠦᠩᠬᠦᠢ ᠬᠠᠮᠢᠶᠠᠷᠤᠯᠳᠠ ᠵᠢ ᠴᠢᠩᠭᠠᠳᠬᠠᠵᠤ ᠂ ᠪᠠᠳᠤᠯᠠᠬᠤ ᠶᠤᠰᠤᠳᠠᠢ ᠵᠢ ᠪᠦᠬᠦᠳᠡ ᠵᠢ ᠪᠠᠳᠤᠯᠠᠨ᠎ᠠ ᠃
ᠬᠠᠷᠠᠯᠳᠠ ᠡᠬᠦᠷᠬᠡ ᠄ ᠬᠤᠳᠠ ᠪᠠᠯᠭᠠᠰᠤᠨ  ᠣ ᠰᠠᠭᠤᠭᠠᠯᠢ ᠠᠷᠠᠳ  ᠣᠨ ᠨᠠᠰᠤᠵᠢᠯ  ᠣᠨ ᠲᠠᠭᠠᠳᠬᠠᠯ  ᠣᠨ ᠨᠠᠰᠤᠨ  ᠳᠣ ᠬᠦᠷᠦᠭᠰᠡᠳ  ᠣᠨ ᠪᠠᠷᠢᠮᠵᠢᠶ᠎ᠠ ᠵᠢ ᠦᠰᠬᠡᠬᠦ ᠨᠦᠬᠦᠪᠦᠷᠢ ᠪᠤᠯᠤᠨ ᠦᠨᠳᠦᠷ ᠨᠠᠰᠤᠵᠢᠯ  ᠣᠨ ᠨᠦᠬᠦᠪᠦᠷᠢ  ᠶᠢᠨ ᠬᠡᠪ  ᠣᠨ ᠪᠠᠶᠢᠳᠠᠯ  ᠣᠨ ᠠᠵᠢᠯ  ᠢ ᠨᠠᠶᠢᠳᠠᠪᠤᠷᠢᠵᠢᠭᠤᠯᠵᠤ ᠂ ᠰᠠᠷ᠎ᠠ ᠪᠤᠯᠭᠠᠨ ᠲᠤᠭᠳᠠᠭᠰᠠᠨ ᠴᠠᠭ  ᠲᠤᠨᠢ ᠲᠤᠭ᠎ᠠ ᠶᠤᠰᠤᠭᠠᠷ ᠲᠠᠷᠬᠠᠭᠠᠬᠤ ᠵᠢ ᠪᠠᠳᠤᠯᠠᠨ᠎ᠠ ᠃
ᠠᠰᠢᠭ ᠬᠦᠷᠳᠡᠬᠦ ᠬᠦᠮᠦᠰ ᠄ ᠮᠠᠯᠵᠢᠬᠤ ᠲᠠᠷᠢᠶᠠᠯᠠᠬᠤ ᠤᠷᠤᠨ  ᠣ ᠨᠡᠶᠢᠬᠡᠮ  ᠣᠨ ᠪᠠᠳᠤᠯᠠᠭᠠᠨ  ᠳᠣ ᠤᠷᠤᠯᠴᠠᠭᠰᠠᠳ ᠪᠠ ᠦᠨᠳᠦᠷ ᠨᠠᠰᠤᠳᠠᠶᠢᠴᠤᠳ
︽ ᠠᠷᠪᠠ ᠵᠢ ᠪᠦᠷᠬᠦᠬᠦᠯᠬᠦ ︾ ᠢᠨᠵᠸᠨᠸᠷᠢᠩ  ᠢ ᠬᠡᠷᠡᠭᠵᠢᠬᠦᠯᠬᠦ ᠴᠠᠭ ᠬᠤᠭᠤᠴᠠᠭ᠎ᠠ
2014 ᠤᠨ  ᠠᠴᠠ ᠡᠬᠢᠯᠡᠨ ᠂ 2016 ᠤᠨ  ᠳᠣ ᠲᠠᠭᠤᠰᠤᠨ᠎ᠠ ᠃
︽ ᠠᠷᠪᠠ ᠵᠢ ᠪᠦᠷᠬᠦᠬᠦᠯᠬᠦ ︾ ᠢᠨᠵᠸᠨᠸᠷᠢᠩ  ᠢ ᠬᠡᠷᠡᠭᠵᠢᠬᠦᠯᠬᠦ ᠵᠠᠷᠴᠢᠮ
ᠮᠠᠯᠴᠢᠨ ᠲᠠᠷᠢᠶᠠᠴᠢᠨ  ᠣ ᠭᠤᠤᠯ ᠴᠤᠭᠴᠠ ᠶᠢᠨ ᠦᠢᠯᠡᠳᠦᠯ  ᠢ ᠪᠠᠳᠠᠷᠠᠭᠤᠯᠤᠨ᠎ᠠ ᠃ ︽ ᠠᠷᠪᠠ ᠵᠢ ᠪᠦᠷᠬᠦᠬᠦᠯᠬᠦ ︾ ᠢᠨᠵᠸᠨᠸᠷᠢᠩ ᠳᠣ ᠮᠠᠯᠴᠢᠨ ᠲᠠᠷᠢᠶᠠᠴᠢᠨ ᠪᠤᠯ ᠰᠢᠭᠤᠳ ᠠᠰᠢᠭ ᠬᠦᠷᠳᠡᠭᠴᠢ ᠂ ᠮᠦᠨᠴᠦ ᠢᠨᠵᠸᠨᠸᠷᠢᠩ ᠢ ᠬᠡᠷᠡᠭᠵᠢᠬᠦᠯᠬᠦ ᠭᠤᠤᠯ ᠴᠤᠭᠴᠠ ᠂ ᠤᠯᠠᠨ ᠲᠦᠮᠡᠨ ᠣ ᠢᠳᠡᠪᠬᠢᠵᠢᠯ ᠪᠤᠯᠤᠨ ᠰᠠᠨᠠᠭᠠᠴᠢᠯᠭᠠᠳᠤ ᠴᠢᠨᠠᠷ  ᠢ ᠲᠠᠭᠠᠭᠤᠯᠤᠨ ᠪᠠᠳᠠᠷᠠᠭᠤᠯᠵᠤ ᠂ ᠤᠯᠠᠨ ᠲᠦᠮᠡᠨ  ᠢᠶᠠᠷ ᠰᠡᠳᠬᠢᠬᠦᠯᠵᠦ ᠂ ᠤᠯᠠᠨ ᠲᠦᠮᠡᠨ  ᠢᠶᠠᠷ ᠠᠷᠭ᠎ᠠ ᠲᠤᠷᠠᠳᠤᠭᠤᠯᠤᠨ ᠂ ᠤᠯᠠᠨ ᠲᠦᠮᠡᠨ  ᠢᠶᠠᠷ ᠭᠤᠤᠯ ᠪᠤᠯᠭᠠᠵᠤ ᠪᠦᠳᠦᠬᠡᠨ ᠪᠠᠶᠢᠭᠤᠯᠤᠯᠳᠠ ᠬᠢᠨ᠎ᠡ ᠃
ᠵᠠᠰᠠᠭ ᠣᠨ ᠤᠷᠳᠤᠨ ᠣ ᠵᠤᠬᠢᠶᠠᠨ ᠪᠠᠶᠢᠭᠤᠯᠤᠯᠳᠠ  ᠶᠢᠨ ᠲᠠᠶᠢᠴᠢᠯᠠᠬᠤ ᠦᠢᠯᠡᠳᠦᠯ  ᠢ ᠪᠠᠳᠠᠷᠠᠭᠤᠯᠤᠨ᠎ᠠ ᠃ ᠬᠤᠰᠢᠭᠤ ᠂ ᠰᠤᠮᠤ ᠪᠠᠯᠭᠠᠰᠤᠨ  ᠣ ᠵᠠᠰᠠᠭ  ᠣᠨ ᠤᠷᠳᠤᠨ ᠤᠯᠠᠨ ᠲᠦᠮᠡᠨ  ᠢ ᠬᠢᠨᠠᠮᠠᠭᠠᠢ ᠵᠤᠬᠢᠶᠠᠨ ᠪᠠᠶᠢᠭᠤᠯᠵᠤ ᠂ ᠤᠯᠠᠨ ᠲᠦᠮᠡᠨ  ᠢ ᠬᠦᠨᠵᠡᠬᠡᠢ ᠲᠠᠶᠢᠴᠢᠯᠠᠨ ᠬᠦᠳᠡᠯᠬᠡᠵᠦ ᠂ ᠭᠠᠴᠠᠭ᠎ᠠ ᠲᠤᠰᠬᠤᠨ ᠢ ᠵᠢᠭᠠᠨ ᠵᠢᠯᠤᠭᠤᠳᠴᠤ ᠬᠠᠪᠰᠤᠷᠤᠨ ᠢᠨᠵᠸᠨᠸᠷᠢᠩ  ᠣᠨ ᠲᠦᠰᠦᠯ  ᠢ ᠰᠠᠶᠢᠳᠤᠷ ᠨᠠᠶᠢᠷᠠᠭᠤᠯᠤᠨ ᠵᠤᠬᠢᠶᠠᠨ᠎ᠠ ︔ ᠦᠨᠳᠦᠰᠦᠨ ᠱᠠᠳᠤᠨ ᠣ ᠵᠤᠬᠢᠶᠠᠨ ᠪᠠᠶᠢᠭᠤᠯᠤᠯᠳᠠ  ᠶᠢᠨ ᠢᠳᠡᠪᠬᠢᠵᠢᠯ ᠪᠤᠯᠤᠨ ᠡᠬᠦᠳᠦᠨ ᠪᠦᠳᠦᠬᠡᠭᠦ ᠴᠢᠨᠠᠷ  ᠢ ᠪᠠᠳᠠᠷᠠᠭᠤᠯᠬᠤ ᠵᠢ ᠴᠢᠬᠤᠯᠠᠴᠢᠯᠠᠵᠤ ᠂ ᠲᠦᠯᠦᠬᠡᠯᠡᠨ ᠰᠢᠢᠳᠪᠦᠷᠢᠯᠡᠬᠦ ᠦᠬᠡᠢ ᠂ ᠠᠯᠪᠠᠳᠠᠨ ᠵᠠᠷᠯᠢᠭᠳᠠᠬᠤ ᠦᠬᠡᠢ ᠂ ᠦᠬᠦᠮᠡᠯ  ᠢᠶᠠᠷ ᠬᠠᠨᠳᠤᠬᠤ ᠦᠬᠡᠢ ᠂ ᠠᠯᠪᠠᠳᠠᠯᠭ᠎ᠠ  ᠶᠢᠨ ᠲᠤᠤᠷ᠎ᠠ ᠬᠢᠬᠦ ᠵᠢ ᠰᠠᠨᠠᠭᠠᠴᠢᠯᠭ᠎ᠠ  ᠲᠠᠢ ᠬᠢᠬᠦ ᠪᠤᠯᠭᠠᠨ ᠬᠤᠪᠢᠷᠠᠭᠤᠯᠤᠨ᠎ᠠ ᠃
ᠦᠨᠡᠨ  ᠠᠴᠠ ᠵᠦᠪ  ᠢ ᠡᠷᠢᠵᠤ ᠂ ᠭᠠᠵᠠᠷ ᠤᠷᠤᠨ ᠣ ᠪᠠᠶᠢᠳᠠᠯ ᠳ᠋ᠣ ᠲᠤᠬᠢᠷᠠᠭᠤᠯᠤᠨ᠎ᠠ ᠃ ᠶᠠᠭᠤ ᠲᠤᠳᠠᠪᠠᠯ ᠶᠠᠭᠤ ᠵᠢ  ᠨᠢ ᠨᠦᠬᠦᠪᠦᠷᠢᠯᠡᠬᠦ ᠵᠠᠷᠴᠢᠮ ᠶᠤᠰᠤᠭᠠᠷ ᠂ ᠭᠤᠤᠯᠳᠠᠯᠭ᠎ᠠ  ᠪᠠᠨ ᠲᠤᠪᠤᠶᠢᠯᠭᠠᠨ ᠂ ᠨᠡᠶᠢᠳᠡᠮ ᠬᠠᠷᠠᠭᠠᠯᠵᠠᠵᠤ ᠂ ᠭᠤᠤᠯ ᠲᠡᠳ᠋ ᠡᠮᠦᠨ᠎ᠡ ᠬᠤᠶᠢᠨ᠎ᠠ ᠬᠡᠵᠦ ᠬᠤᠪᠢᠶᠠᠨ ᠂ ᠨᠢᠬᠡ ᠵᠢ ᠬᠢᠪᠡᠯ ᠨᠢᠬᠡ ᠵᠢ ᠪᠦᠳᠦᠬᠡᠵᠦ ᠂ ᠦᠷ᠎ᠡ ᠠᠰᠢᠭ ᠭᠠᠷᠭᠠᠨ᠎ᠠ ᠃
︽ ᠠᠷᠪᠠ ᠵᠢ ᠪᠦᠷᠬᠦᠬᠦᠯᠬᠦ ︾ ᠢᠨᠵᠸᠨᠸᠷᠢᠩ  ᠣᠨ ᠪᠤᠳᠠᠳᠠᠢ ᠱᠠᠭᠠᠷᠳᠠᠯᠭ᠎ᠠ
︽ ᠠᠷᠪᠠ ᠵᠢ ᠪᠦᠷᠬᠦᠬᠦᠯᠬᠦ ︾ ᠢᠨᠵᠸᠨᠸᠷᠢᠩ  ᠨᠢ ᠨᠡᠶᠢᠳᠡ  ᠶᠢᠨ ᠦᠢᠯᠡᠴᠢᠯᠡᠬᠡᠨ ᠣ ᠭᠤᠤᠯ ᠲᠠᠯ᠎ᠠ ᠵᠢ ᠪᠠᠭᠳᠠᠭᠠᠵᠤ ᠂ ᠦᠪᠡᠷᠳᠡᠬᠡᠨ ᠵᠠᠰᠠᠬᠤ ᠤᠷᠤᠨ ᠣ ᠨᠠᠮ  ᠣᠨ ᠬᠤᠷᠢᠶ᠎ᠠ ᠂ ᠵᠠᠰᠠᠭ  ᠣᠨ ᠤᠷᠳᠤᠨ  ᠠᠴᠠ ᠦᠷᠬᠡᠨ ᠤᠯᠠᠨ ᠮᠠᠯᠴᠢᠨ ᠲᠠᠷᠢᠶᠠᠴᠢᠨ ᠤᠯᠠᠨ ᠲᠦᠮᠡᠨ ᠳ᠋ᠣ ᠠᠮᠠᠯᠳᠠᠭᠰᠠᠨ ᠲᠦᠪ ᠴᠢᠩᠭ᠎ᠠ ᠠᠮᠠᠯᠠᠯᠳᠠ ᠮᠦᠨ ᠂ ᠨᠠᠮ ᠣᠨ ᠤᠯᠠᠨ ᠲᠦᠮᠡᠨᠴᠢ ᠱᠤᠭᠤᠮ  ᠣᠨ ᠬᠦᠮᠦᠵᠢᠯ ᠦᠢᠯᠡᠳᠦᠯᠬᠡ  ᠶᠢᠨ ᠠᠵᠢᠯᠯᠠᠭᠠᠨ  ᠣ ᠴᠢᠬᠤᠯᠠ ᠠᠷᠭ᠎ᠠ ᠪᠠᠷᠢᠯ ᠮᠦᠨ ᠂ ᠬᠤᠳᠠ ᠬᠦᠳᠡᠬᠡ ᠵᠢ ᠨᠢᠬᠡᠳᠦᠯᠳᠡᠢ ᠲᠦᠯᠦᠪᠵᠢᠬᠦᠯᠵᠦ ᠂ ᠠᠷᠠᠳ ᠣᠨ ᠠᠮᠢᠳᠤᠷᠠᠯ  ᠢ ᠪᠦᠬᠦ ᠬᠦᠴᠦᠨ ᠢᠶᠠᠷ ᠰᠠᠶᠢᠵᠢᠷᠠᠭᠤᠯᠵᠤ ᠂ ᠮᠠᠯᠴᠢᠨ ᠲᠠᠷᠢᠶᠠᠴᠢᠨ ᠤᠯᠠᠨ ᠲᠦᠮᠡᠨ  ᠳᠥ ᠬᠡᠰᠢᠭ ᠦᠢᠯᠡᠳᠬᠦ ᠪᠤᠶᠠᠨᠳᠤ ᠵᠠᠰᠠᠭ  ᠣᠨ ᠢᠨᠵᠸᠨᠸᠷᠢᠩ ᠮᠦᠨ ᠃ ᠡᠯ᠎ᠡ ᠰᠤᠮᠤ ᠪᠠᠯᠭᠠᠰᠤ ᠂ ᠭᠠᠴᠠᠭ᠎ᠠ ᠲᠤᠰᠬᠤᠨ  ᠣ ᠤᠳᠤᠷᠢᠳᠬᠤ ᠺᠠᠳ᠋ᠷᠴᠤᠳ ᠡᠷᠬᠡᠪᠰᠢ ᠪᠦᠬᠦ ᠲᠠᠯ᠎ᠠ ᠪᠤᠯᠤᠨ ᠪᠠᠶᠢᠯᠳᠤᠬᠤ ᠪᠤᠳᠤᠯᠭ᠎ᠠ  ᠶᠢᠨ ᠦᠨᠳᠦᠷᠴᠡ  ᠠᠴᠠ︽ ᠠᠷᠪᠠ ᠵᠢ ᠪᠦᠷᠬᠦᠬᠦᠯᠬᠦ ︾ ᠢᠨᠵᠸᠨᠸᠷᠢᠩ  ᠢ ᠬᠡᠷᠡᠭᠵᠢᠬᠦᠯᠬᠦ ᠴᠢᠬᠤᠯᠠ ᠴᠢᠨᠠᠷ ᠂ ᠱᠠᠭᠠᠷᠳᠠᠯᠭᠠᠳᠤ ᠴᠢᠨᠠᠷ ᠪᠠ ᠲᠤᠯᠭᠠᠮ᠎ᠠ ᠴᠢᠨᠠᠷ ᠢ ᠬᠦᠢᠴᠡᠳ ᠲᠠᠨᠢᠵᠤ ᠂ ︽ ᠠᠷᠪᠠ ᠵᠢ ᠪᠦᠷᠬᠦᠬᠦᠯᠬᠦ ︾ ᠢᠨᠵᠸᠨᠸᠷᠢᠩ  ᠢ ᠬᠦᠳᠡᠬᠡ ᠲᠤᠰᠬᠤᠨ ᠮᠠᠯᠵᠢᠬᠤ ᠤᠷᠤᠨ  ᠣ ᠠᠵᠢᠯ  ᠣᠨ ᠭᠤᠤᠯ ᠴᠦᠮ᠎ᠡ ᠪᠤᠯᠭᠠᠵᠤ ᠂ ᠮᠠᠯᠴᠢᠨ ᠲᠠᠷᠢᠶᠠᠴᠢᠨ ᠤᠯᠠᠨ ᠲᠦᠮᠡᠨ  ᠣ ᠬᠦᠨ ᠵᠤᠵᠠᠭᠠᠨ ᠰᠡᠳᠬᠢᠯᠬᠡ ᠵᠢ ᠡᠪᠦᠷᠯᠡᠨ ᠂ ᠲᠤᠰᠬᠤᠨ ᠪᠤᠯᠤᠨ ᠡᠷᠦᠬᠡ ᠬᠤᠪᠢᠶᠠᠨ ᠲᠠᠭᠠᠭᠠᠴᠢᠯᠠᠵᠤ ᠦᠷᠬᠡᠨ  ᠢᠶᠠᠷ ᠤᠬᠠᠭᠤᠯᠤᠨ ᠂ ᠦᠷᠬᠡᠨ ᠤᠯᠠᠨ ᠮᠠᠯᠴᠢᠨ ᠲᠠᠷᠢᠶᠠᠴᠢᠨ  ᠳᠣ ᠢᠨᠵᠸᠨᠸᠷᠢᠩ ᠣᠨ ᠵᠤᠷᠢᠭ ᠰᠠᠨᠠᠭᠠᠨ ᠣ ᠮᠦᠨ ᠴᠢᠨᠠᠷ ᠢ ᠨᠡᠪᠳᠡᠷᠬᠡᠢ ᠦᠢᠯᠠᠭᠠᠭᠤᠯᠵᠤ ᠂ ᠦᠷᠬᠡᠨ ᠤᠯᠠᠨ ᠮᠠᠯᠴᠢᠨ ᠲᠠᠷᠢᠶᠠᠴᠢᠨ ᠤᠯᠠᠨ ᠲᠦᠮᠡᠨ  ᠢ ᠲᠠᠶᠢᠴᠢᠯᠠᠨ ᠢᠨᠵᠸᠨᠸᠷᠢᠩ  ᠣᠨ ᠪᠦᠳᠦᠬᠡᠨ ᠪᠠᠶᠢᠭᠤᠯᠤᠯᠳᠠ ᠳ᠋ᠣ ᠢᠳᠡᠪᠬᠢᠳᠡᠢ ᠤᠷᠤᠯᠴᠠᠭᠤᠯᠵᠤ ᠂ ︽ ᠠᠷᠪᠠ ᠵᠢ ᠪᠦᠷᠬᠦᠬᠦᠯᠬᠦ ︾ ᠢᠨᠵᠸᠨᠸᠷᠢᠩ  ᠢ ᠦᠨᠳᠦᠷ ᠪᠠᠷᠢᠮᠵᠢᠶ᠎ᠠ  ᠲᠠᠢ ᠂ ᠦᠨᠳᠦᠷ ᠴᠢᠨᠠᠷ  ᠲᠠᠢ ᠪᠡᠶᠡᠯᠡᠬᠦᠯᠬᠦ ᠵᠢ ᠪᠠᠳᠤᠯᠠᠨ᠎ᠠ ᠃