Category Archives:  

ᠲᠠᠯᠠᠨᠳᠦ᠍ᠷᠦᠭᠦᠦ ᠭᠠᠴᠠᠭᠠᠨ  ᠣ ᠲᠤᠪᠴᠢ ᠲᠠᠨᠢᠯᠴᠠᠭᠤᠯᠭ᠎ᠠ

ᠲᠠᠯᠠᠨᠳᠦ᠍ᠷᠦᠭᠦᠦ ᠬᠡᠰᠡᠨ ᠨᠠᠷ᠎ᠡ  ᠨᠢ ᠨᠢᠭᠡ ᠵᠦᠢᠯ  ᠤᠨ ᠬᠤᠤᠷᠳᠣ ᠡᠪᠡᠰᠦ  ᠠᠴᠠ ᠢᠷᠠᠯᠳᠠ  ᠲᠡᠢ ᠃ 1958 ᠣᠨ ᠳ᠋ᠥ ᠲᠠᠯᠠᠨᠳᠦ᠍ᠷᠦᠭᠦᠦ ᠪᠠᠭ ᠠᠩᠬ᠎ᠠ ᠪᠠᠶᠢᠭᠤᠯᠤᠭᠳᠠᠵᠤ ᠂ 1958 ᠣᠨ  ᠠᠴᠠ 1961 ᠣᠨ ᠪᠤᠯᠳᠠᠯ᠎ᠠ ᠪᠠᠶᠠᠨᠬᠤᠩᠭᠤᠷ ᠰᠣᠮᠣ ᠳ᠋ᠥ ᠬᠠᠷᠢᠶᠠᠯᠠᠭᠳᠠᠵᠦ ᠂ 1962 ᠣᠨ ᠳ᠋ᠥ ᠢᠩᠭᠡᠨ ᠰᠣᠮᠣᠨ ᠳ᠋ᠥ ᠬᠠᠷᠢᠶᠠᠯᠠᠭᠳᠠᠨ ᠂ 1984 ᠣᠨ ᠳ᠋ᠥ ᠲᠠᠯᠠᠨᠳᠦ᠍ᠷᠦᠬᠦᠦ ᠪᠠᠭ  ᠠᠴᠠ ᠪᠠᠨ ᠭᠠᠴᠠᠭ᠎ᠠ ᠪᠤᠯᠤᠭᠰᠠᠨ ᠪᠠᠶᠢᠨ᠎ᠠ ᠃ ᠪᠦᠬᠦ ᠲᠠᠯᠠᠪᠠᠢ  ᠨᠢ 1440 ᠲᠡᠭᠰᠢ ᠲᠦᠷᠪᠡᠯᠵᠢᠨ ᠺᠢᠯᠦᠮᠸᠲ᠋ᠷ ᠂ 105 ᠡᠷᠦᠬᠡ 295 ᠬᠦᠮᠦᠨ ᠠᠮᠠ  ᠲᠡᠢ ᠂ ᠲᠤᠰ ᠭᠠᠴᠠᠭ᠎ᠠ  ᠨᠢ 312 ᠮᠤᠵᠢ  ᠶᠢᠨ ᠲᠡᠰ  ᠤᠨ ᠵᠠᠰᠠᠮᠠᠯ ᠵᠠᠮ ᠂ ᠵᠢᠩ ᠰᠢᠨ ᠦᠨᠳᠦᠷ ᠬᠤᠷᠳᠣᠴᠠᠲᠤ ᠵᠠᠰᠠᠮᠠᠯ ᠵᠠᠮ  ᠤᠨ ᠵᠠᠮ ᠬᠠᠷᠢᠯᠴᠠᠭᠠᠨ  ᠣ ᠲᠠᠪᠠᠭᠤᠯᠢᠭ ᠂ ᠪᠠᠶᠢᠭᠠᠯᠯᠢᠭ ᠵᠠᠭ  ᠤᠨ ᠤᠢ ᠪᠠ ᠴᠠᠭᠠᠨ ᠭᠤᠶᠤᠤ  ᠶᠢᠨ ᠡᠬᠢ ᠪᠠᠶᠠᠯᠢᠭ  ᠲᠠᠭᠠᠨ ᠲᠦᠰᠢᠭᠯᠡᠨ ᠂ ᠵᠠᠮ ᠲᠠᠭᠤ  ᠶᠢᠨ ᠦᠢᠯᠡᠴᠢᠯᠡᠬᠡᠨ  ᠣ ᠠᠵᠤ ᠦᠢᠯᠡᠰ ᠂ ᠡᠯᠡᠰᠦᠨ ᠠᠵᠤ ᠦᠢᠯᠡᠰ ᠂ ᠬᠠᠴᠢᠨ ᠴᠢᠯᠠᠭᠤᠨ  ᠣ ᠠᠵᠤ ᠦᠢᠯᠡᠰ ᠡᠷᠬᠢᠯᠡᠬᠦ ᠪᠠᠷ ᠭᠤᠤᠯᠯᠠᠵᠦ ᠪᠠᠶᠢᠭ᠎ᠠ ᠮᠦᠷᠳᠡᠭᠡᠨ ᠲᠤᠰ ᠭᠠᠴᠠᠭ᠎ᠠ  ᠨᠢ ᠪᠠᠰᠠ ᠬᠠᠴᠢᠨ ᠴᠢᠯᠠᠭᠤ ᠠᠷᠠᠯᠵᠢᠶᠠᠯᠠᠬᠤ ᠴᠢᠬᠤᠯᠠ ᠰᠭᠤᠷᠢᠨ ᠭᠠᠵᠠᠷ ᠪᠤᠯᠬᠤ ᠶᠤᠮ ᠃ 2015 ᠣᠨ  ᠣ ᠡᠴᠦᠰ ᠪᠤᠯᠬᠤ ᠳ᠋ᠥ ᠲᠤᠰ ᠭᠠᠴᠠᠭᠠᠨ  ᠣ ᠮᠠᠯ  ᠤᠨ ᠲᠤᠭ᠎ᠠ ᠲᠤᠯᠤᠭᠠᠢ 15351 ᠬᠦᠷᠴᠦ ᠂ ᠡᠭᠦᠨ  ᠣ ᠲᠤᠳᠣᠷ᠎ᠠ ᠲᠡᠮᠡᠬᠡ  ᠨᠢ 1057 ᠲᠤᠯᠤᠭᠠᠢ ᠂ ᠢᠮᠠᠭ᠎ᠠ 11047 ᠲᠥᠯᠤᠭᠠᠢ ᠂ ᠬᠤᠨᠢ 3247 ᠲᠤᠯᠤᠭᠠᠢ ᠃ 2015 ᠣᠨ  ᠣ ᠲᠤᠰ ᠭᠠᠴᠠᠭᠠᠨ  ᠣ ᠮᠠᠯᠴᠢᠳ  ᠤᠨ ᠬᠦᠮᠦᠨ ᠪᠦᠷᠢ ᠳ᠋ᠥ ᠲᠡᠭᠰᠢᠳᠭᠡᠭᠰᠡᠨ ᠤᠷᠤᠯᠭ᠎ᠠ  ᠨᠢ 15012 ᠲᠦᠭᠦᠷᠢᠭ ᠲᠣ ᠬᠦᠷᠪᠡ ᠃