Category Archives:  

ᠴᠠᠭᠠᠨᠵᠠᠳᠠᠭᠠᠢ ᠭᠠᠴᠠᠭᠠᠨ  ᠣ ᠲᠤᠪᠴᠢ ᠲᠠᠨᠢᠯᠴᠠᠭᠤᠯᠭ᠎ᠠ

ᠴᠠᠭᠠᠨᠵᠠᠳᠠᠭᠠᠢ ᠬᠡᠳᠡᠭ ᠨᠡᠷ᠎ᠡ  ᠨᠢ ᠬᠦᠢᠬᠡᠨ ᠣᠰᠤᠨ ᠵᠠᠳᠠᠭᠠᠢ ᠬᠡᠰᠡᠨ ᠣᠳᠬ᠎ᠠ  ᠲᠡᠢ ᠂ ᠲᠣᠰ ᠭᠠᠵᠠᠷ  ᠤᠨ ᠪᠠᠶᠢᠴᠠ ᠪᠠᠷ ᠨᠡᠷᠡᠯᠡᠭᠰᠡᠨ ᠶᠤᠮ ᠃ 1958 ᠣᠨ ᠳ᠋ᠥ ᠲᠤᠰ ᠪᠠᠭ ᠠᠩᠬ᠎ᠠ ᠪᠠᠶᠢᠭᠤᠯᠤᠭᠳᠠᠵᠤ ᠂ 1958 ᠣᠨ  ᠠᠴᠠ 1961 ᠣᠨ ᠪᠤᠯᠳᠠᠯ᠎ᠠ ᠪᠠᠶᠠᠨᠬᠤᠩᠭᠤᠷ ᠰᠣᠮᠣᠨ  ᠣ ᠲᠤᠯᠤᠳᠤᠭᠠᠷ ᠪᠠᠭ ᠪᠠᠶᠢᠵᠦ ᠂ 1962 ᠣᠨ ᠳ᠋ᠥ ᠢᠩᠭᠡᠨ ᠰᠣᠮᠣᠨ ᠳ᠋ᠥ ᠬᠠᠷᠢᠶᠠᠯᠠᠭᠳᠠᠨ ᠂ 1984 ᠣᠨ ᠳ᠋ᠥ ᠴᠠᠭᠠᠨᠵᠠᠳᠠᠭᠠᠢ ᠪᠠᠭ  ᠠᠴᠠ ᠪᠠᠨ ᠭᠠᠴᠠᠭ᠎ᠠ ᠪᠤᠯᠤᠭᠰᠠᠨ ᠪᠠᠶᠢᠨ᠎ᠠ ᠃ ᠪᠦᠬᠦ ᠲᠠᠯᠠᠪᠠᠢ  ᠨᠢ 3271ᠲᠡᠭᠰᠢ ᠲᠦᠷᠪᠡᠯᠵᠢᠨ ᠺᠢᠯᠦᠮᠸᠲ᠋ᠷ ᠂ 98 ᠡᠷᠦᠬᠡ 290 ᠬᠦᠮᠦᠨ ᠠᠮᠠ  ᠲᠡᠢ ᠂ ᠲᠤᠰ ᠭᠠᠴᠠᠭ᠎ᠠ  ᠨᠢ ᠣᠯᠠᠮᠵᠢᠯᠠᠯᠳᠣ ᠮᠠᠯᠵᠢᠯ  ᠢᠶᠠᠷ ᠭᠤᠤᠯ ᠪᠣᠯᠭᠠᠵᠦ ᠂ ᠭᠠᠴᠠᠭᠠᠨ  ᠣ ᠡᠯᠪᠡᠭ ᠬᠠᠴᠢᠨ ᠴᠢᠯᠠᠭᠤᠨ  ᠣ ᠡᠬᠢ ᠪᠠᠶᠠᠯᠢᠭ ᠲᠣ ᠲᠦᠰᠢᠭᠯᠡᠨ ᠂ ᠴᠠᠭᠠᠨ ᠨᠤᠤᠯᠤᠷᠳᠤ ᠢᠮᠠᠭ᠎ᠠ  ᠶᠢ ᠪᠦᠢᠵᠢᠭᠤᠯᠵᠤ ᠂ ᠴᠠᠭᠠᠨ ᠭᠤᠶᠤᠤ ᠪᠠ ᠦᠪᠡᠷ  ᠤᠨ ᠤᠨᠴᠠᠯᠢᠭ  ᠲᠡᠢ ᠵᠢᠭᠤᠯᠴᠢᠯᠠᠯ  ᠤᠨ ᠦᠢᠯᠡᠰ  ᠢ ᠬᠦᠭᠵᠢᠬᠦᠯᠬᠦ ᠪᠠᠷ ᠭᠤᠤᠯ ᠴᠢᠭᠯᠡᠯ  ᠢᠶᠠᠨ ᠪᠤᠯᠭᠠᠵᠦ ᠪᠠᠶᠢᠨ᠎ᠠ ᠃ 2015 ᠣᠨ  ᠣ ᠡᠴᠦᠰ ᠪᠤᠯᠬᠤ ᠳ᠋ᠥ ᠲᠤᠰ ᠭᠠᠴᠠᠭᠠᠨ  ᠣ ᠮᠠᠯ  ᠤᠨ ᠲᠤᠭ᠎ᠠ ᠲᠤᠯᠤᠭᠠᠢ 15000 ᠬᠦᠷᠴᠦ ᠂ ᠡᠭᠦᠨ  ᠣ ᠲᠤᠳᠣᠷ᠎ᠠ ᠲᠡᠮᠡᠬᠡ  ᠨᠢ 1551 ᠲᠤᠯᠤᠭᠠᠢ ᠂ ᠢᠮᠠᠭ᠎ᠠ 12000 ᠲᠥᠯᠤᠭᠠᠢ ᠂ ᠬᠤᠨᠢ 1453 ᠲᠤᠯᠤᠭᠠᠢ ᠃ 2015 ᠣᠨ  ᠣ ᠲᠤᠰ ᠭᠠᠴᠠᠭᠠᠨ  ᠣ ᠮᠠᠯᠴᠢᠳ  ᠤᠨ ᠬᠦᠮᠦᠨ ᠪᠦᠷᠢ ᠳ᠋ᠥ ᠲᠡᠭᠰᠢᠳᠭᠡᠭᠰᠡᠨ ᠤᠷᠤᠯᠭ᠎ᠠ  ᠨᠢ 11891ᠲᠦᠭᠦᠷᠢᠭ ᠲᠣ ᠬᠦᠷᠪᠡ ᠃