Category Archives: ᠱᠠᠷᠽᠠ 

11

ᠱᠠᠷᠽᠠ ᠭᠠᠴᠠᠭᠠᠨ  ᠣ ᠲᠤᠶᠢᠮᠤ ᠪᠠᠶᠢᠳᠠᠯ

ᠱᠠᠷᠽᠠ ᠭᠡᠳᠡᠭ  ᠨᠢ ᠲᠦᠪᠡᠳ ᠦᠭᠡ ᠂ ᠲᠠᠷᠤᠢ ᠮᠠᠨᠤ ᠴᠢᠯᠠᠭᠤ ᠭᠡᠰᠡᠨ ᠤᠳᠬ᠎ᠠ  ᠲᠠᠢ ᠃ 1958 ᠤᠨ ᠳ᠋ᠥ ᠦᠯᠵᠡᠶᠢᠰᠦ᠍ᠮᠪᠦᠷ ᠠᠷᠠᠳ  ᠤᠨ ᠭᠦᠩᠱᠸ ᠪᠠᠶᠢᠭᠤᠯᠤᠭᠳᠠᠬᠤ ᠦᠶ᠎ᠡ ᠳ᠋ᠥ ᠱᠠᠷᠽᠠ ᠭᠠᠴᠠᠭᠠᠨ  ᠣ ᠨᠡᠷ᠎ᠡ  ᠨᠢ《 ᠴᠠᠭᠠᠨᠵᠠᠳᠠᠭᠠᠢ ᠪᠠᠷᠢᠭᠠᠳᠠ》ᠭᠡᠳᠡᠭ ᠂ 1980 ᠤᠨ ᠳ᠋ᠥ ᠦᠯᠵᠡᠶᠢᠰᠦ᠍ᠮᠪᠦᠷ ᠠᠷᠠᠳ  ᠤᠨ ᠭᠦᠩᠱᠸ  ᠶᠢ ᠦᠯᠵᠡᠢ ᠰᠤᠮᠤ ᠭᠡᠵᠦ ᠦᠭᠡᠷᠡᠴᠢᠯᠡᠬᠦ ᠦᠶ᠎ᠡ ᠳ᠋ᠥ ᠂ ᠲᠤᠰ ᠭᠠᠴᠠᠭᠠᠨ  ᠣ ᠨᠡᠷ᠎ᠡ  ᠶᠢ ᠳᠠᠭᠠᠯᠳᠤᠭᠤᠯᠤᠨ《 ᠱᠠᠷᠽᠠ ᠭᠠᠴᠠᠭ᠎ᠠ 》ᠭᠡᠵᠦ ᠦᠭᠡᠷᠡᠴᠢᠯᠡᠪᠡ ᠃
ᠲᠤᠰ ᠭᠠᠴᠠᠭ᠎ᠠ  ᠨᠢ ᠦᠯᠵᠡᠢ ᠰᠤᠮᠤᠨ  ᠣ ᠪᠠᠷᠠᠭᠤᠨ ᠡᠮᠦᠨ᠎ᠠ ᠭᠡᠰᠡᠭ  ᠲᠤ ᠪᠠᠶᠢᠷᠢᠯᠠᠵᠥ ᠂ ᠪᠠᠷᠠᠭᠤᠨᠰᠢ ᠪᠠᠨ ᠠᠯᠠᠱᠠ ᠪᠠᠷᠠᠭᠤᠨ ᠬᠤᠰᠢᠭᠤᠨ  ᠣ ᠠᠯᠳᠠᠨᠠᠤᠪᠤᠭ᠎ᠠ ᠪᠠᠯᠭᠠᠰᠦ  ᠲᠠᠢ ᠬᠦᠷᠰᠢᠯᠡᠵᠦ ᠂ ᠶᠡᠷᠦᠩᠭᠡᠢ ᠲᠠᠯᠠᠪᠠᠢ  ᠨᠢ 713 ᠲᠡᠭᠰᠢ ᠲᠦᠷᠪᠡᠯᠵᠢᠨ ᠺᠢᠯᠤᠮᠧᠲ᠋ᠷ ᠂ ᠠᠰᠢᠭᠯᠠᠵᠤ ᠪᠤᠯᠬᠤ ᠪᠡᠯᠴᠢᠭᠡᠷ  ᠤᠨ ᠲᠠᠯᠠᠪᠠᠢ  ᠨᠢ 700 ᠲᠡᠭᠰᠢ ᠲᠦᠷᠪᠡᠯᠵᠢᠨ ᠺᠢᠯᠤᠮᠧᠲ᠋ᠷ ᠂ ᠡᠭᠦᠨ  ᠣ ᠲᠤᠮᠳᠠ ᠨᠡᠶᠢᠳᠡ  ᠶᠢᠨ ᠠᠰᠢᠭᠳᠤ ᠤᠢ  ᠶᠢᠨ ᠲᠠᠯᠠᠪᠠᠢ  ᠨᠢ 144326 ᠮᠤ ᠪᠠᠶᠢᠵᠥ ᠂ ᠶᠡᠷᠥᠩᠬᠡᠢ ᠬᠦᠮᠦᠨ ᠠᠮᠠ  ᠨᠢ 56 ᠡᠷᠦᠭᠡ 153 ᠬᠦᠮᠦᠨ  ᠲᠠᠢ ᠂ ᠡᠭᠦᠨ ᠳ᠋ᠥ ᠮᠤᠩᠭᠤᠯ ᠦᠨᠳᠦᠰᠦᠳᠡᠨ  ᠣ ᠬᠦᠮᠦᠨ ᠠᠮᠠ 69.5 %  ᠶᠢ ᠡᠵᠡᠯᠡᠵᠥ ᠪᠤᠢ ᠃ 2015 ᠤᠨ  ᠣ ᠮᠠᠯ ᠠᠵᠥ ᠠᠬᠤᠢ  ᠶᠢᠨ ᠶᠡᠷᠦᠩᠭᠡᠢ ᠦᠷᠳᠡᠭ 325.25 ᠲᠦᠮᠡᠨ ᠲᠦᠭᠦᠷᠢᠭ  ᠲᠤ ᠭᠦᠷᠴᠦ ᠂ 2015 ᠤᠨ  ᠣ 12 ᠰᠠᠷ᠎ᠠ  ᠶᠢᠨ ᠡᠴᠤᠰ ᠤᠨ ᠮᠠᠯ  ᠤᠨ ᠲᠤᠭ᠎ᠠ ᠲᠤᠯᠤᠭᠠᠢ 8194 ᠳ᠋ᠥ ᠬᠦᠷᠴᠦ ᠂ ᠡᠭᠦᠨ  ᠣ ᠲᠤᠳᠤᠷ᠎ᠠ ᠲᠡᠮᠡᠭᠡ  ᠨᠢ 855 ᠲᠤᠯᠤᠭᠠᠢ ᠳᠤ ᠬᠦᠷᠪᠡ ᠃ ᠱᠠᠷᠽᠠ ᠭᠠᠴᠠᠭ᠎ᠠ ᠤᠯᠠᠮᠵᠢᠯᠠᠯᠲᠤ ᠮᠠᠯ ᠠᠵᠤ ᠠᠬᠤᠢ ᠪᠠᠨ ᠦᠷᠭᠦᠯᠵᠢᠯᠡᠨ ᠬᠦᠭᠵᠢᠬᠦᠯᠬᠦ  ᠶᠢᠨ ᠳᠠᠭᠠᠤ ᠂ ᠵᠠᠭ ᠂ ᠴᠠᠭᠠᠨ ᠭᠤᠶᠤᠤ ᠂ ᠤᠯᠠᠭᠠᠨ ᠭᠤᠶᠤᠤ ᠲᠠᠷᠢᠬᠤ ᠵᠡᠷᠭᠡ ᠡᠯᠡᠰᠦᠨ ᠠᠵᠤ ᠦᠢᠯᠡᠰ  ᠢ ᠶᠡᠬᠡ ᠬᠦᠴᠦᠨ  ᠢᠶᠠᠷ ᠲᠦᠯᠬᠢᠨ ᠠᠬᠢᠭᠤᠯᠵᠤ ᠂ ᠬᠠᠴᠢᠨ ᠴᠢᠯᠠᠭᠤᠨ  ᠣ ᠦᠢᠯᠡᠰ ᠂ ᠱᠠᠷᠽᠠ  ᠶᠢᠨ ᠰᠦᠮ᠎ᠡ  ᠶᠢᠨ ᠵᠢᠭᠤᠯᠴᠢᠯᠠᠯ  ᠤᠨ ᠦᠢᠯᠡᠰ ᠪᠠ ᠵᠠᠮ ᠳᠠᠭᠠᠤ  ᠳᠡᠬᠢ ᠭᠤᠷᠪᠠᠳᠤᠭᠠᠷ ᠠᠵᠤ ᠦᠢᠯᠡᠰ  ᠢ ᠬᠦᠭᠵᠢᠬᠦᠯᠵᠦ ᠂ ᠮᠠᠯᠴᠢᠳ  ᠤᠨ ᠠᠮᠢᠳᠣᠷᠠᠯ  ᠤᠨ ᠬᠢᠷᠢ ᠲᠦᠪᠰᠢᠨ ᠪᠠ ᠭᠠᠴᠠᠭᠠᠨ  ᠣ ᠲᠦᠷᠢ ᠲᠦᠷᠬᠦ  ᠶᠢ ᠰᠢᠨ᠎ᠡ ᠨᠢᠭᠡᠨ ᠱᠠᠲᠤᠨ ᠳ᠋ᠥ ᠬᠦᠷᠭᠡᠬᠦ ᠪᠠᠷ ᠴᠢᠷᠮᠠᠶᠢᠵᠤ ᠪᠠᠶᠢᠨ᠎ᠠ ᠃
ᠱᠠᠷᠽᠠ ᠭᠠᠴᠠᠭ᠎ᠠ ᠲᠤᠬᠠᠢ  ᠶᠢᠨ ᠭᠠᠵᠠᠷ  ᠤᠨ ᠪᠠᠶᠢᠭᠠᠯᠢ ᠂ ᠤᠷᠤᠨ ᠪᠠᠶᠢᠷᠢᠰᠢᠯ ᠪᠠ ᠦᠢᠯᠡᠳᠪᠦᠷᠢᠯᠡᠯ  ᠤᠨ ᠬᠦᠭᠵᠢᠯᠲᠡ ᠵᠡᠷᠭᠡ ᠪᠤᠳᠠᠳᠤ ᠪᠠᠶᠢᠳᠠᠯ ᠳ᠋ᠥ ᠵᠤᠬᠢᠴᠠᠵᠤ ᠂ ᠠᠵᠤ ᠠᠬᠤᠢ  ᠶᠢᠨ ᠬᠦᠭᠵᠢᠯᠲᠡ  ᠶᠢᠨ ᠬᠡᠯᠪᠡᠷᠢ ᠪᠠᠨ ᠡᠯᠡᠰᠦᠨ ᠠᠵᠤ ᠦᠢᠯᠡᠰ ᠵᠦᠭ ᠰᠢᠯᠵᠢᠭᠦᠯᠵᠦ ᠂ ᠤᠯᠠᠮᠵᠢᠯᠠᠯᠲᠤ ᠮᠠᠯ ᠠᠵᠤ ᠠᠬᠤᠢ ᠪᠠᠷ ᠦᠨᠳᠦᠰᠦᠨ ᠪᠠᠲᠤᠯᠠᠭ᠎ᠠ ᠪᠤᠯᠭᠠᠨ ᠂ ᠬᠦᠮᠦᠨ  ᠣ ᠬᠦᠴᠦ ᠪᠠᠷ ᠵᠠᠭ ᠂ ᠴᠠᠭᠠᠨ ᠭᠤᠶᠤᠤ ᠲᠠᠷᠢᠵᠦ ᠪᠤᠶᠢᠵᠢᠭᠤᠯᠬᠤ  ᠶᠢ ᠲᠠᠰᠣᠷᠠᠯᠲᠠ ᠦᠬᠡᠢ ᠰᠦᠪᠡᠭᠴᠢᠯᠡᠵᠦ ᠂ 2010 ᠤᠨ  ᠠᠴᠠ ᠡᠬᠢᠯᠡᠵᠦ ᠬᠦᠮᠦᠨ  ᠣ ᠬᠦᠴᠦ ᠪᠠᠷ 4000 ᠮᠤ ᠵᠠᠭ ᠲᠠᠷᠢᠵᠤ ᠂ ᠤᠳᠤ ᠨᠢᠭᠡᠨᠲᠡ 2 ᠲᠦᠮᠡᠨ ᠮᠣ ᠵᠠᠭ  ᠤᠨ ᠤᠢ ᠂ ᠪᠦᠭᠡᠷᠭᠡ ᠵᠡᠷᠭᠡ ᠤᠷᠭᠤᠮᠠᠯ  ᠤᠨ ᠬᠤᠴᠢᠯᠭ᠎ᠠ  ᠶᠢᠨ ᠡᠬᠢ ᠪᠠᠶᠠᠯᠢᠭ  ᠲᠠᠢ ᠪᠤᠯᠵᠠᠢ ᠃ ᠮᠠᠯᠴᠢᠳ  ᠨᠢ ᠤᠯᠠᠮᠵᠢᠯᠠᠯᠲᠤ ᠲᠡᠵᠢᠭᠡᠨ ᠦᠷᠡᠵᠢᠭᠦᠯᠬᠦ ᠦᠵᠡᠯᠲᠡ ᠪᠠ ᠬᠦᠭᠵᠢᠯᠲᠡ  ᠶᠢᠨ ᠬᠡᠯᠪᠡᠷᠢ ᠪᠠᠨ ᠬᠤᠪᠢᠷᠠᠭᠤᠯᠵᠤ ᠂ ᠤᠷᠤᠯᠭ᠎ᠠ  ᠶᠢᠨ ᠠᠷᠭ᠎ᠠ ᠵᠠᠮ  ᠢᠶᠠᠨ ᠦᠷᠭᠡᠳᠬᠡᠪᠡ ᠃