Category Archives: ᠦᠯᠵᠡᠶᠢᠰᠠᠶᠢᠬᠠᠨ ᠭᠠᠴᠠᠭ᠎ᠠ

3

ᠦᠯᠵᠡᠶᠢᠰᠠᠶᠢᠬᠠᠨ ᠭᠠᠴᠠᠭᠠᠨ  ᠣ ᠲᠤᠶᠢᠮᠤ ᠪᠠᠶᠢᠳᠠᠯ

ᠦᠯᠵᠡᠶᠢᠰᠠᠶᠢᠬᠠᠨ ᠭᠡᠳᠡᠭ  ᠨᠢ ᠦᠯᠵᠡᠢ ᠪᠡᠯᠭᠡ  ᠲᠠᠢ ᠂ ᠭᠤᠶᠤ ᠰᠠᠶᠢᠬᠠᠨ ᠭᠡᠰᠡᠨ ᠤᠳᠬ᠎ᠠ ᠪᠠᠷ  ᠨᠢ ᠪᠡᠯᠭᠡᠰᠢᠶᠡᠵᠥ ᠨᠡᠷᠡᠯᠡᠭᠰᠡᠨ ᠨᠡᠷᠡᠶᠢᠳᠦᠯ ᠶᠤᠮ ᠃ ᠭᠠᠴᠠᠭᠠᠨ ᠳ᠋ᠥ ᠪᠠᠶᠢᠭ᠎ᠠ ᠦᠯᠵᠠᠶᠢᠰᠠᠶᠢᠬᠠᠨ ᠠᠭᠤᠯᠨ ᠪᠠᠷ ᠨᠡᠷᠡᠯᠡᠭᠳᠡᠪᠡ ᠃ 1958 ᠤᠨ ᠳ᠋ᠥ ᠦᠯᠵᠡᠶᠢᠰᠦ᠍ᠮᠪᠦᠷ ᠠᠷᠠᠳ  ᠤᠨ ᠭᠦᠡᠭᠱᠸ ᠪᠠᠶᠢᠭᠤᠯᠤᠭᠳᠠᠬᠤ ᠦᠶ᠎ᠠ ᠳ᠋ᠥ ᠂《 ᠦᠯᠵᠡᠶᠢᠰᠠᠶᠢᠬᠠᠨ ᠭᠠᠴᠠᠭ᠎ᠠ ᠪᠠᠶᠠᠨᠲᠠᠯ᠎ᠠ ᠥᠢᠯᠡᠳᠪᠥᠷᠢᠯᠡᠯ  ᠤᠨ ᠶᠠᠭᠡ ᠪᠠᠷᠢᠭᠠᠲᠠ》ᠭᠡᠵᠤ ᠨᠡᠷᠡᠯᠡᠭᠳᠡᠵᠥ ᠂ 1980 ᠤᠨ ᠳ᠋ᠥ ᠦᠯᠵᠡᠶᠢᠰᠦ᠍ᠮᠪᠦᠷ ᠠᠷᠠᠳ  ᠤᠨ ᠭᠦᠡᠭᠱᠸ  ᠠᠴᠠ ᠥᠯᠵᠡᠢ ᠰᠣᠮᠣ ᠬᠡᠵᠤ ᠥᠭᠡᠷᠡᠴᠢᠯᠡᠬᠥ  ᠶᠢ ᠲᠠᠭᠠᠯᠳᠤᠨ ᠭᠠᠴᠠᠭᠠᠨ  ᠣ ᠨᠡᠷᠡᠶᠢᠳᠤᠯ  ᠨᠢ ᠦᠯᠵᠡᠶᠢᠰᠠᠶᠢᠬᠠᠨ ᠭᠠᠴᠠᠭ᠎ᠠ ᠭᠡᠵᠦ ᠦᠭᠡᠷᠡᠴᠢᠯᠡᠭᠳᠡᠪᠡ ᠃
ᠦᠯᠵᠡᠶᠢᠰᠠᠶᠢᠬᠠᠨ ᠭᠠᠴᠠᠭ᠎ᠠ  ᠨᠢ ᠦᠯᠵᠡᠢ ᠰᠤᠮᠤᠨ  ᠣ ᠵᠡᠭᠦᠨ ᠡᠮᠦᠨ᠎ᠡ ᠭᠡᠰᠡᠭ  ᠲᠤ ᠪᠠᠶᠢᠷᠢᠯᠠᠵᠥ ᠂ ᠡᠮᠦᠨᠡᠰᠢ ᠪᠠᠨ ᠪᠠᠶᠠᠨᠨᠢᠷᠤᠭᠤᠨ ᠰᠤᠮᠤ  ᠲᠠᠢ ᠬᠦᠷᠰᠢᠯᠡᠵᠦ ᠂ ᠶᠡᠷᠦᠩᠭᠡᠢ ᠲᠠᠯᠠᠪᠠᠢ  ᠨᠢ 807 ᠲᠡᠭᠰᠢ ᠲᠦᠷᠪᠡᠯᠵᠢᠨ ᠺᠢᠯᠤᠮᠧᠲ᠋ᠷ ᠪᠠᠶᠢᠵᠥ ᠂ ᠨᠡᠶᠢᠳᠡ  ᠶᠢᠨ ᠠᠰᠢᠭᠳᠤ ᠤᠢ  ᠶᠢᠨ ᠲᠠᠯᠠᠪᠠᠢ  ᠨᠢ 68648 ᠮᠤ ᠪᠠᠶᠢᠵᠥ ᠂ 61 ᠡᠷᠦᠭᠡ 132 ᠬᠦᠮᠦᠨ ᠠᠮᠠ  ᠲᠡᠢ ᠂ ᠮᠤᠩᠭᠤᠯ ᠦᠨᠳᠦᠰᠦᠳᠡᠨ  ᠣ ᠬᠦᠮᠦᠨ ᠠᠮᠠ 66.4%  ᠶᠢ ᠡᠵᠡᠯᠡᠵᠥ ᠪᠤᠢ ᠃ 2015 ᠤᠨ  ᠣ ᠮᠠᠯ ᠠᠵᠥ ᠠᠬᠤᠢ  ᠶᠢᠨ ᠶᠡᠷᠦᠩᠭᠡᠢ ᠦᠷᠳᠡᠭ 458.85 ᠲᠦᠮᠡᠨ ᠲᠦᠭᠦᠷᠢᠭ  ᠲᠤ ᠭᠦᠷᠴᠦ ᠂ 2015 ᠤᠨ  ᠣ 6 ᠰᠠᠷ᠎ᠠ  ᠶᠢᠨ ᠡᠴᠤᠰ ᠤᠨ ᠮᠠᠯ  ᠤᠨ ᠲᠤᠭ᠎ᠠ 5721 ᠬᠦᠷᠴᠦ ᠂ ᠡᠭᠦᠨ  ᠣ ᠲᠤᠳᠤᠷ᠎ᠠ ᠲᠡᠮᠡᠭᠡ  ᠨᠢ 450 ᠲᠤᠯᠤᠭᠠᠢ ᠳᠤ ᠬᠦᠷᠪᠡ ᠃ ᠦᠯᠵᠡᠶᠢᠰᠠᠶᠢᠬᠠᠨ ᠭᠠᠴᠠᠭ᠎ᠠ  ᠨᠢ ᠤᠯᠠᠮᠵᠢᠯᠠᠯᠲᠤ ᠮᠠᠯ ᠠᠵᠤ ᠠᠬᠤᠢ ᠪᠠ ᠡᠯᠡᠰᠦᠨ  ᠣ ᠦᠢᠯᠡᠰ  ᠢᠶᠠᠷ ᠰᠠᠭᠤᠷᠢ ᠥᠢᠯᠡᠰ ᠪᠤᠯᠭᠠᠨ ᠂ ᠪᠤᠳᠠᠰ  ᠤᠨ ᠭᠦᠢᠯᠭᠡᠭᠡ ᠂ ᠠᠷᠠᠯᠵᠢᠶ᠎ᠠ ᠬᠤᠳᠠᠯᠳᠥᠭ᠎ᠠ ᠂ ᠵᠠᠮ ᠬᠠᠷᠢᠯᠴᠠᠭ᠎ᠠ ᠲᠡᠭᠡᠭᠡᠪᠦᠷᠢ ᠂ ᠬᠠᠴᠢᠨ ᠴᠢᠯᠠᠭᠤᠨ  ᠣ ᠦᠢᠯᠡᠰ ᠂ ᠦᠢᠯᠡᠴᠢᠯᠡᠭᠡᠨ  ᠣ ᠦᠢᠯᠡᠰ  ᠢᠶᠠᠷ ᠨᠦᠭᠦᠪᠦᠷᠢ ᠪᠤᠯᠭᠠᠵᠤ ᠂ ᠭᠠᠴᠠᠭᠠᠨ  ᠣ ᠠᠵᠤ ᠠᠬᠤᠢ  ᠶᠢ ᠨᠡᠩ ᠲᠦᠷᠭᠡᠨ ᠨᠡᠩ ᠰᠠᠶᠢᠨ  ᠢᠶᠠᠷ ᠬᠦᠭᠵᠢᠬᠦ  ᠶᠢ ᠲᠦᠯᠬᠢᠨ ᠠᠬᠢᠭᠤᠯᠪᠠ ᠃
ᠦᠯᠵᠡᠶᠢᠰᠠᠶᠢᠬᠠᠨ ᠭᠠᠴᠠᠭ᠎ᠠ ᠭᠠᠵᠠᠷ ᠤᠷᠤᠨ  ᠣ ᠲᠠᠪᠠᠭᠤᠯᠢᠭ  ᠢᠶᠠᠨ ᠠᠰᠢᠭᠯᠠᠵᠤ ᠂ ᠠᠷᠠᠳ ᠲᠥᠮᠡᠨ  ᠢ ᠬᠠᠴᠢᠨ ᠴᠢᠯᠠᠭᠤᠨ  ᠣ ᠦᠢᠯᠡᠰ ᠂ ᠥᠨᠳᠤᠰᠥᠳᠡᠨ  ᠣ ᠤᠨᠴᠠᠯᠢᠭ  ᠲᠡᠢ ᠢᠳᠡᠭᠡᠨ ᠤᠮᠳᠠᠭᠠᠨ  ᠣ ᠥᠢᠯᠡᠰ ᠵᠡᠷᠭᠡ ᠵᠠᠮ ᠳᠠᠭᠠᠤ  ᠳᠡᠬᠢ ᠠᠵᠤ ᠠᠬᠤᠢ ᠬᠥᠭᠵᠢᠬᠥᠯᠬᠥ  ᠶᠢ ᠵᠤᠷᠢᠭᠵᠢᠭᠤᠯᠵᠤ ᠂ ᠤᠳᠤ ᠭᠠᠴᠠᠭᠠᠨ  ᠳᠤ ᠮᠠᠯᠴᠢᠳ  ᠤᠨ ᠡᠷᠬᠢᠯᠡᠭᠰᠡᠨ ᠴᠢᠯᠠᠭᠤᠨ  ᠣ ᠬᠤᠲᠠᠯᠳᠤᠭᠠᠨ  ᠣ ᠲᠡᠯᠭᠡᠭᠥᠷ 9 ᠂ ᠥᠨᠳᠤᠰᠥᠳᠡᠨ  ᠣ ᠤᠨᠴᠠᠯᠢᠭ  ᠲᠡᠢ ᠢᠳᠡᠭᠡᠨ ᠤᠮᠳᠠᠭᠠᠨ  ᠣ ᠬᠤᠭᠤᠯᠠᠨ ᠬᠡᠷ 12 ᠪᠠᠶᠢᠵᠤ ᠂ ᠭᠤᠤᠯᠳᠠᠭᠤ ᠵᠤᠭᠠᠴᠠᠭᠴᠢᠳ ᠂ ᠲᠡᠭᠡᠭᠡᠪᠥᠷᠢ  ᠶᠢᠨ ᠮᠠᠰᠢᠨ  ᠣ ᠵᠢᠯᠤᠭᠤᠴᠢ ᠵᠡᠷᠬᠡ ᠬᠥᠮᠥᠰ ᠲᠣ ᠦᠢᠯᠡᠴᠢᠯᠡᠨ ᠂ ᠭᠤᠷᠪᠡᠳᠤᠭᠠᠷ ᠠᠵᠤ ᠦᠢᠯᠡᠰ  ᠤᠨ ᠬᠦᠭᠵᠢᠯᠲᠡ  ᠨᠢ ᠥᠯᠵᠡᠶᠢᠰᠡᠶᠢᠬᠠᠨ ᠭᠠᠴᠠᠭᠠᠨ  ᠣ ᠮᠠᠯᠴᠢᠳ ᠲᠣ ᠲᠤᠭᠳᠠᠪᠤᠷᠢᠲᠠᠢ ᠤᠷᠤᠯᠭ᠎ᠠ  ᠶᠢ ᠤᠯᠭᠤᠪᠠ ᠃