ᠬᠦᠪᠡᠬᠡ ᠬᠡᠳᠡᠭ ᠨᠡᠷ᠎ᠡ ᠨᠢ ᠠᠭᠤᠯᠠ ᠂ ᠬᠦᠳᠡᠭᠡ ᠂ ᠨᠠᠮᠤᠭ ᠭᠠᠵᠠᠷ ᠵᠡᠷᠭᠡ ᠭᠤᠷᠪᠠᠨ ᠭᠠᠵᠠᠷ ᠤᠨ ᠬᠦᠪᠡᠭᠡ ᠪᠤᠯᠤᠭᠰᠠᠨ ᠠᠴᠠ ᠬᠦᠪᠡᠭᠡ ᠬᠡᠵᠦ ᠨᠡᠷᠡᠳᠪᠡ ᠃ 1958 ᠣᠨ ᠳ᠋ᠥ ᠠᠩᠬ᠎ᠠ ᠪᠠᠶᠢᠭᠤᠯᠤᠭᠳᠠᠵᠤ ᠂ 1958 ᠣᠨ ᠠᠴᠠ 1961 ᠣᠨ ᠪᠤᠯᠳᠠᠯ᠎ᠠ ᠪᠠᠶᠠᠨᠬᠤᠩᠭᠤᠷ ᠰᠣᠮᠣᠨ ᠣ ᠨᠠᠢᠮᠠᠳᠣᠭᠠᠷ ᠪᠠᠭ ᠪᠠᠶᠢᠵᠦ ᠂ 1962 ᠣᠨ ᠳ᠋ᠥ ᠢᠩᠭᠡᠨ ᠰᠣᠮᠣᠨ ᠳ᠋ᠥ ᠬᠠᠷᠢᠶᠠᠯᠠᠭᠳᠠᠨ ᠂ 1984 ᠣᠨ ᠳ᠋ᠥ ᠬᠦᠪᠡᠭᠡ ᠪᠠᠭ ᠠᠴᠠ ᠪᠠᠨ ᠭᠠᠴᠠᠭ᠎ᠠ ᠪᠤᠯᠤᠭᠰᠠᠨ ᠪᠠᠶᠢᠨ᠎ᠠ ᠃ ᠪᠦᠬᠦ ᠲᠠᠯᠠᠪᠠᠢ ᠨᠢ 1872 ᠲᠡᠭᠰᠢ ᠲᠦᠷᠪᠡᠯᠵᠢᠨ ᠺᠢᠯᠦᠮᠸᠲ᠋ᠷ ᠂ 92 ᠡᠷᠦᠬᠡ 295 ᠬᠦᠮᠦᠨ ᠠᠮᠠ ᠲᠡᠢ ᠂ 312 ᠮᠤᠵᠢ ᠶᠢᠨ ᠲᠡᠰ ᠤᠨ ᠵᠠᠰᠠᠮᠠᠯ ᠵᠠᠮ ᠲᠣᠰ ᠭᠠᠴᠠᠭ᠎ᠠ ᠪᠠᠷ ᠦᠩᠭᠡᠷᠡᠵᠦ ᠪᠠᠶᠢᠬᠤ ᠪᠦᠭᠡᠳ ᠭᠠᠴᠠᠭᠠᠨ ᠣ ᠬᠤᠶᠢᠳᠠ ᠬᠡᠰᠡᠭ ᠳᠡᠭᠡᠨ ᠡᠯᠪᠡᠭ ᠪᠠᠶᠠᠨ ᠪᠠᠶᠢᠭᠠᠯᠯᠢᠭ ᠵᠠᠭ ᠤᠨ ᠤᠢ ᠂ ᠨᠡᠯᠢᠶᠡᠳ ᠬᠡᠮᠵᠢᠶᠡᠨ ᠣ ᠪᠤᠷᠵᠢᠨ ᠴᠢᠯᠠᠭᠤᠨ ᠣ ᠬᠠᠳᠠᠭᠠᠯᠠᠴᠠ ᠲᠡᠢ ᠪᠠᠶᠢᠵᠦ ᠂ ᠲᠣᠰ ᠭᠠᠴᠠᠭ᠎ᠠ ᠨᠢ ᠡᠯᠡᠰᠦᠨ ᠠᠵᠤ ᠦᠢᠯᠡᠰ ᠂ ᠬᠠᠴᠢᠨ ᠴᠢᠯᠠᠭᠤ ᠪᠠ ᠲᠡᠮᠡᠭᠡᠨ ᠣ ᠠᠵᠤ ᠦᠢᠯᠡᠰ ᠢᠶᠠᠷ ᠭᠤᠤᠯᠯᠠᠨ ᠂ ᠣᠳᠣ ᠪᠤᠯᠬᠤ ᠳ᠋ᠥ ᠬᠦᠪᠡᠭᠡ ᠭᠠᠴᠠᠭ᠎ᠠ ᠨᠢ ᠨᠢᠭᠡ ᠡᠯᠡᠰᠦᠨ ᠣ ᠠᠵᠤ ᠦᠢᠯᠡᠰ ᠤᠨ ᠬᠤᠷᠰᠢᠶᠠᠵᠢᠯ ᠂ ᠨᠢᠭᠡ ᠲᠡᠮᠡᠬᠡᠨ ᠰᠦ᠋ ᠶᠢᠨ ᠠᠵᠤ ᠦᠢᠯᠡᠰ ᠤᠨ ᠬᠤᠷᠰᠢᠶᠠᠵᠢᠯ ᠲᠡᠢ ᠃ 2015 ᠣᠨ ᠣ ᠡᠴᠦᠰ ᠪᠤᠯᠬᠤ ᠳ᠋ᠥ ᠲᠤᠰ ᠭᠠᠴᠠᠭᠠᠨ ᠣ ᠮᠠᠯ ᠤᠨ ᠲᠤᠭ᠎ᠠ ᠲᠤᠯᠤᠭᠠᠢ 10040 ᠬᠦᠷᠴᠦ ᠂ ᠡᠭᠦᠨ ᠣ ᠲᠤᠳᠣᠷ᠎ᠠ ᠲᠡᠮᠡᠬᠡ ᠨᠢ 764 ᠲᠤᠯᠤᠭᠠᠢ ᠂ ᠢᠮᠠᠭ᠎ᠠ 7810 ᠲᠥᠯᠤᠭᠠᠢ ᠂ ᠬᠤᠨᠢ 1466 ᠲᠤᠯᠤᠭᠠᠢ ᠃ 2015 ᠣᠨ ᠣ ᠲᠤᠰ ᠭᠠᠴᠠᠭᠠᠨ ᠣ ᠮᠠᠯᠴᠢᠳ ᠤᠨ ᠬᠦᠮᠦᠨ ᠪᠦᠷᠢ ᠳ᠋ᠥ ᠲᠡᠭᠰᠢᠳᠭᠡᠭᠰᠡᠨ ᠤᠷᠤᠯᠭ᠎ᠠ ᠨᠢ 12241 ᠲᠦᠭᠦᠷᠢᠭ ᠲᠣ ᠬᠦᠷᠪᠡ ᠃
All posts by botgo
ᠲᠠᠯᠠᠨᠳᠦ᠍ᠷᠦᠭᠦᠦ ᠭᠠᠴᠠᠭᠠᠨ ᠣ ᠲᠤᠪᠴᠢ ᠲᠠᠨᠢᠯᠴᠠᠭᠤᠯᠭ᠎ᠠ
ᠲᠠᠯᠠᠨᠳᠦ᠍ᠷᠦᠭᠦᠦ ᠬᠡᠰᠡᠨ ᠨᠠᠷ᠎ᠡ ᠨᠢ ᠨᠢᠭᠡ ᠵᠦᠢᠯ ᠤᠨ ᠬᠤᠤᠷᠳᠣ ᠡᠪᠡᠰᠦ ᠠᠴᠠ ᠢᠷᠠᠯᠳᠠ ᠲᠡᠢ ᠃ 1958 ᠣᠨ ᠳ᠋ᠥ ᠲᠠᠯᠠᠨᠳᠦ᠍ᠷᠦᠭᠦᠦ ᠪᠠᠭ ᠠᠩᠬ᠎ᠠ ᠪᠠᠶᠢᠭᠤᠯᠤᠭᠳᠠᠵᠤ ᠂ 1958 ᠣᠨ ᠠᠴᠠ 1961 ᠣᠨ ᠪᠤᠯᠳᠠᠯ᠎ᠠ ᠪᠠᠶᠠᠨᠬᠤᠩᠭᠤᠷ ᠰᠣᠮᠣ ᠳ᠋ᠥ ᠬᠠᠷᠢᠶᠠᠯᠠᠭᠳᠠᠵᠦ ᠂ 1962 ᠣᠨ ᠳ᠋ᠥ ᠢᠩᠭᠡᠨ ᠰᠣᠮᠣᠨ ᠳ᠋ᠥ ᠬᠠᠷᠢᠶᠠᠯᠠᠭᠳᠠᠨ ᠂ 1984 ᠣᠨ ᠳ᠋ᠥ ᠲᠠᠯᠠᠨᠳᠦ᠍ᠷᠦᠬᠦᠦ ᠪᠠᠭ ᠠᠴᠠ ᠪᠠᠨ ᠭᠠᠴᠠᠭ᠎ᠠ ᠪᠤᠯᠤᠭᠰᠠᠨ ᠪᠠᠶᠢᠨ᠎ᠠ ᠃ ᠪᠦᠬᠦ ᠲᠠᠯᠠᠪᠠᠢ ᠨᠢ 1440 ᠲᠡᠭᠰᠢ ᠲᠦᠷᠪᠡᠯᠵᠢᠨ ᠺᠢᠯᠦᠮᠸᠲ᠋ᠷ ᠂ 105 ᠡᠷᠦᠬᠡ 295 ᠬᠦᠮᠦᠨ ᠠᠮᠠ ᠲᠡᠢ ᠂ ᠲᠤᠰ ᠭᠠᠴᠠᠭ᠎ᠠ ᠨᠢ 312 ᠮᠤᠵᠢ ᠶᠢᠨ ᠲᠡᠰ ᠤᠨ ᠵᠠᠰᠠᠮᠠᠯ ᠵᠠᠮ ᠂ ᠵᠢᠩ ᠰᠢᠨ ᠦᠨᠳᠦᠷ ᠬᠤᠷᠳᠣᠴᠠᠲᠤ ᠵᠠᠰᠠᠮᠠᠯ ᠵᠠᠮ ᠤᠨ ᠵᠠᠮ ᠬᠠᠷᠢᠯᠴᠠᠭᠠᠨ ᠣ ᠲᠠᠪᠠᠭᠤᠯᠢᠭ ᠂ ᠪᠠᠶᠢᠭᠠᠯᠯᠢᠭ ᠵᠠᠭ ᠤᠨ ᠤᠢ ᠪᠠ ᠴᠠᠭᠠᠨ ᠭᠤᠶᠤᠤ ᠶᠢᠨ ᠡᠬᠢ ᠪᠠᠶᠠᠯᠢᠭ ᠲᠠᠭᠠᠨ ᠲᠦᠰᠢᠭᠯᠡᠨ ᠂ ᠵᠠᠮ ᠲᠠᠭᠤ ᠶᠢᠨ ᠦᠢᠯᠡᠴᠢᠯᠡᠬᠡᠨ ᠣ ᠠᠵᠤ ᠦᠢᠯᠡᠰ ᠂ ᠡᠯᠡᠰᠦᠨ ᠠᠵᠤ ᠦᠢᠯᠡᠰ ᠂ ᠬᠠᠴᠢᠨ ᠴᠢᠯᠠᠭᠤᠨ ᠣ ᠠᠵᠤ ᠦᠢᠯᠡᠰ ᠡᠷᠬᠢᠯᠡᠬᠦ ᠪᠠᠷ ᠭᠤᠤᠯᠯᠠᠵᠦ ᠪᠠᠶᠢᠭ᠎ᠠ ᠮᠦᠷᠳᠡᠭᠡᠨ ᠲᠤᠰ ᠭᠠᠴᠠᠭ᠎ᠠ ᠨᠢ ᠪᠠᠰᠠ ᠬᠠᠴᠢᠨ ᠴᠢᠯᠠᠭᠤ ᠠᠷᠠᠯᠵᠢᠶᠠᠯᠠᠬᠤ ᠴᠢᠬᠤᠯᠠ ᠰᠭᠤᠷᠢᠨ ᠭᠠᠵᠠᠷ ᠪᠤᠯᠬᠤ ᠶᠤᠮ ᠃ 2015 ᠣᠨ ᠣ ᠡᠴᠦᠰ ᠪᠤᠯᠬᠤ ᠳ᠋ᠥ ᠲᠤᠰ ᠭᠠᠴᠠᠭᠠᠨ ᠣ ᠮᠠᠯ ᠤᠨ ᠲᠤᠭ᠎ᠠ ᠲᠤᠯᠤᠭᠠᠢ 15351 ᠬᠦᠷᠴᠦ ᠂ ᠡᠭᠦᠨ ᠣ ᠲᠤᠳᠣᠷ᠎ᠠ ᠲᠡᠮᠡᠬᠡ ᠨᠢ 1057 ᠲᠤᠯᠤᠭᠠᠢ ᠂ ᠢᠮᠠᠭ᠎ᠠ 11047 ᠲᠥᠯᠤᠭᠠᠢ ᠂ ᠬᠤᠨᠢ 3247 ᠲᠤᠯᠤᠭᠠᠢ ᠃ 2015 ᠣᠨ ᠣ ᠲᠤᠰ ᠭᠠᠴᠠᠭᠠᠨ ᠣ ᠮᠠᠯᠴᠢᠳ ᠤᠨ ᠬᠦᠮᠦᠨ ᠪᠦᠷᠢ ᠳ᠋ᠥ ᠲᠡᠭᠰᠢᠳᠭᠡᠭᠰᠡᠨ ᠤᠷᠤᠯᠭ᠎ᠠ ᠨᠢ 15012 ᠲᠦᠭᠦᠷᠢᠭ ᠲᠣ ᠬᠦᠷᠪᠡ ᠃
ᠴᠠᠭᠠᠨᠵᠠᠳᠠᠭᠠᠢ ᠭᠠᠴᠠᠭᠠᠨ ᠣ ᠲᠤᠪᠴᠢ ᠲᠠᠨᠢᠯᠴᠠᠭᠤᠯᠭ᠎ᠠ
ᠴᠠᠭᠠᠨᠵᠠᠳᠠᠭᠠᠢ ᠬᠡᠳᠡᠭ ᠨᠡᠷ᠎ᠡ ᠨᠢ ᠬᠦᠢᠬᠡᠨ ᠣᠰᠤᠨ ᠵᠠᠳᠠᠭᠠᠢ ᠬᠡᠰᠡᠨ ᠣᠳᠬ᠎ᠠ ᠲᠡᠢ ᠂ ᠲᠣᠰ ᠭᠠᠵᠠᠷ ᠤᠨ ᠪᠠᠶᠢᠴᠠ ᠪᠠᠷ ᠨᠡᠷᠡᠯᠡᠭᠰᠡᠨ ᠶᠤᠮ ᠃ 1958 ᠣᠨ ᠳ᠋ᠥ ᠲᠤᠰ ᠪᠠᠭ ᠠᠩᠬ᠎ᠠ ᠪᠠᠶᠢᠭᠤᠯᠤᠭᠳᠠᠵᠤ ᠂ 1958 ᠣᠨ ᠠᠴᠠ 1961 ᠣᠨ ᠪᠤᠯᠳᠠᠯ᠎ᠠ ᠪᠠᠶᠠᠨᠬᠤᠩᠭᠤᠷ ᠰᠣᠮᠣᠨ ᠣ ᠲᠤᠯᠤᠳᠤᠭᠠᠷ ᠪᠠᠭ ᠪᠠᠶᠢᠵᠦ ᠂ 1962 ᠣᠨ ᠳ᠋ᠥ ᠢᠩᠭᠡᠨ ᠰᠣᠮᠣᠨ ᠳ᠋ᠥ ᠬᠠᠷᠢᠶᠠᠯᠠᠭᠳᠠᠨ ᠂ 1984 ᠣᠨ ᠳ᠋ᠥ ᠴᠠᠭᠠᠨᠵᠠᠳᠠᠭᠠᠢ ᠪᠠᠭ ᠠᠴᠠ ᠪᠠᠨ ᠭᠠᠴᠠᠭ᠎ᠠ ᠪᠤᠯᠤᠭᠰᠠᠨ ᠪᠠᠶᠢᠨ᠎ᠠ ᠃ ᠪᠦᠬᠦ ᠲᠠᠯᠠᠪᠠᠢ ᠨᠢ 3271ᠲᠡᠭᠰᠢ ᠲᠦᠷᠪᠡᠯᠵᠢᠨ ᠺᠢᠯᠦᠮᠸᠲ᠋ᠷ ᠂ 98 ᠡᠷᠦᠬᠡ 290 ᠬᠦᠮᠦᠨ ᠠᠮᠠ ᠲᠡᠢ ᠂ ᠲᠤᠰ ᠭᠠᠴᠠᠭ᠎ᠠ ᠨᠢ ᠣᠯᠠᠮᠵᠢᠯᠠᠯᠳᠣ ᠮᠠᠯᠵᠢᠯ ᠢᠶᠠᠷ ᠭᠤᠤᠯ ᠪᠣᠯᠭᠠᠵᠦ ᠂ ᠭᠠᠴᠠᠭᠠᠨ ᠣ ᠡᠯᠪᠡᠭ ᠬᠠᠴᠢᠨ ᠴᠢᠯᠠᠭᠤᠨ ᠣ ᠡᠬᠢ ᠪᠠᠶᠠᠯᠢᠭ ᠲᠣ ᠲᠦᠰᠢᠭᠯᠡᠨ ᠂ ᠴᠠᠭᠠᠨ ᠨᠤᠤᠯᠤᠷᠳᠤ ᠢᠮᠠᠭ᠎ᠠ ᠶᠢ ᠪᠦᠢᠵᠢᠭᠤᠯᠵᠤ ᠂ ᠴᠠᠭᠠᠨ ᠭᠤᠶᠤᠤ ᠪᠠ ᠦᠪᠡᠷ ᠤᠨ ᠤᠨᠴᠠᠯᠢᠭ ᠲᠡᠢ ᠵᠢᠭᠤᠯᠴᠢᠯᠠᠯ ᠤᠨ ᠦᠢᠯᠡᠰ ᠢ ᠬᠦᠭᠵᠢᠬᠦᠯᠬᠦ ᠪᠠᠷ ᠭᠤᠤᠯ ᠴᠢᠭᠯᠡᠯ ᠢᠶᠠᠨ ᠪᠤᠯᠭᠠᠵᠦ ᠪᠠᠶᠢᠨ᠎ᠠ ᠃ 2015 ᠣᠨ ᠣ ᠡᠴᠦᠰ ᠪᠤᠯᠬᠤ ᠳ᠋ᠥ ᠲᠤᠰ ᠭᠠᠴᠠᠭᠠᠨ ᠣ ᠮᠠᠯ ᠤᠨ ᠲᠤᠭ᠎ᠠ ᠲᠤᠯᠤᠭᠠᠢ 15000 ᠬᠦᠷᠴᠦ ᠂ ᠡᠭᠦᠨ ᠣ ᠲᠤᠳᠣᠷ᠎ᠠ ᠲᠡᠮᠡᠬᠡ ᠨᠢ 1551 ᠲᠤᠯᠤᠭᠠᠢ ᠂ ᠢᠮᠠᠭ᠎ᠠ 12000 ᠲᠥᠯᠤᠭᠠᠢ ᠂ ᠬᠤᠨᠢ 1453 ᠲᠤᠯᠤᠭᠠᠢ ᠃ 2015 ᠣᠨ ᠣ ᠲᠤᠰ ᠭᠠᠴᠠᠭᠠᠨ ᠣ ᠮᠠᠯᠴᠢᠳ ᠤᠨ ᠬᠦᠮᠦᠨ ᠪᠦᠷᠢ ᠳ᠋ᠥ ᠲᠡᠭᠰᠢᠳᠭᠡᠭᠰᠡᠨ ᠤᠷᠤᠯᠭ᠎ᠠ ᠨᠢ 11891ᠲᠦᠭᠦᠷᠢᠭ ᠲᠣ ᠬᠦᠷᠪᠡ ᠃
ᠢᠩᠭᠡᠨ ᠰᠣᠮᠣᠨ ᠣ ᠲᠤᠪᠴᠢ ᠲᠠᠨᠢᠯᠴᠠᠭᠤᠯᠭ᠎ᠠ
ᠢᠩᠭᠡᠨ ᠬᠡᠰᠡᠨ ᠨᠡᠷ᠎ᠡ ᠨᠢ《 ᠢᠩᠭᠡᠨ ᠲᠡᠮᠡᠭᠡ 》 ᠠᠴᠠ ᠢᠷᠡᠯᠳᠡ ᠲᠡᠢ ᠃ ᠢᠩᠭᠡᠨ ᠰᠣᠮᠣ ᠨᠢ 1962 ᠣᠨ ᠳ᠋ᠥ ᠠᠩᠬ᠎ᠠ ᠪᠠᠶᠢᠭᠤᠯᠤᠭᠳᠠᠵᠦ ᠂ ᠴᠢᠯᠦᠭᠡᠯᠡᠭᠳᠡᠬᠦ ᠠᠴᠠ ᠡᠮᠦᠨ᠎ᠡ ᠲᠣᠰ ᠭᠠᠵᠠᠷ ᠨᠢ ᠲᠦᠬᠦᠮ ᠪᠠᠷᠢᠭᠠᠳᠠ ᠳ᠋ᠥ ᠬᠠᠷᠢᠶᠠᠯᠠᠭᠳᠠᠵᠤ ᠂ ᠴᠢᠯᠦᠭᠡᠯᠡᠭᠳᠡᠭᠰᠡᠨ ᠣ ᠬᠤᠶᠢᠨ᠎ᠠ ᠬᠤᠩᠭᠤᠷᠦ᠍ᠯᠦᠨ ᠪᠠᠷᠢᠭᠠᠳᠠ ᠳ᠋ᠥ ᠬᠠᠷᠢᠶᠠᠯᠠᠭᠳᠠᠨ ᠂ 1958 ᠣᠨ ᠳ᠋ᠥ ᠪᠠᠶᠠᠨᠬᠤᠩᠭᠤᠷ ᠰᠣᠮᠣᠨ ᠣ ᠨᠢᠭᠡ ᠭᠠᠴᠠᠭ᠎ᠠ ᠪᠠᠶᠢᠵᠦ ︔ 1962 ᠣᠨ ᠣ ᠪᠠᠶᠠᠨᠬᠤᠩᠭᠤᠷ ᠰᠣᠮᠣ ᠶᠢ ᠭᠤᠷᠪᠠᠨ ᠰᠣᠮᠣ ᠪᠤᠯᠭᠠᠨ ᠬᠤᠪᠢᠶᠠᠵᠦ ᠂ ᠡᠬᠦᠨ ᠣ ᠲᠤᠳᠤᠷ᠎ᠠ ᠨᠢᠭᠡ ᠰᠣᠮᠣ ᠨᠢ ᠲᠠᠷᠦᠢ ᠢᠩᠭᠡᠨ ᠰᠣᠮᠣ ᠪᠤᠯᠤᠨ᠎ᠠ ᠃ 2006 ᠣᠨ ᠳ᠋ᠥ ᠪᠦᠬᠦ ᠬᠤᠰᠢᠭᠤᠨ ᠣ ᠰᠣᠮᠣ ᠪᠠᠯᠭᠠᠰᠤᠨ ᠣ ᠪᠠᠶᠢᠭᠤᠯᠤᠮᠵᠢ ᠶᠢᠨ ᠦᠭᠡᠷᠡᠴᠢᠯᠡᠯᠳᠡ ᠪᠠᠷ ᠦᠯᠵᠡᠢ ᠰᠣᠮᠣ ᠲᠡᠢ ᠨᠡᠶᠢᠯᠡᠬᠦᠯᠦᠨ ᠂ 2012 ᠣᠨ ᠳ᠋ᠥ ᠢᠩᠭᠡᠨ ᠰᠣᠮᠣ ᠶᠢ ᠲᠠᠬᠢᠨ ᠰᠡᠷᠭᠦᠭᠡᠪᠡ ᠃ ᠢᠩᠭᠡᠨ ᠰᠣᠮᠣ ᠨᠢ ᠠᠯᠠᠱᠠ ᠵᠡᠬᠦᠨ ᠬᠤᠰᠢᠭᠤᠨ ᠣ ᠬᠤᠶᠢᠲᠣ ᠪᠡᠶ᠎ᠡ ᠳ᠋ᠥ ᠪᠠᠶᠢᠷᠢᠯᠡᠵᠦ ᠂ ᠵᠡᠬᠦᠨ ᠲᠠᠯ᠎ᠠ ᠪᠠᠷ ᠪᠠᠶᠠᠨᠨᠠᠭᠤᠷ ᠠᠶᠢᠮᠠᠭ ᠲᠡᠢ ᠵᠠᠬ᠎ᠠ ᠨᠡᠶᠢᠯᠡᠵᠦ ᠂ ᠡᠮᠦᠨ᠎ᠡ ᠲᠠᠯ᠎ᠠ ᠪᠠᠷ ᠵᠢᠷᠡᠲᠡᠢ ᠪᠠᠯᠭᠠᠰᠣ ᠂ ᠪᠠᠷᠠᠭᠤᠨ ᠲᠠᠯ᠎ᠠ ᠪᠠᠷ ᠦᠯᠵᠡᠢ ᠰᠣᠮᠣ ᠲᠡᠢ ᠵᠠᠬ᠎ᠠ ᠨᠡᠶᠢᠯᠡᠵᠦ ᠂ ᠬᠤᠶᠢᠨ᠎ᠡ ᠲᠠᠯ᠎ᠠ ᠪᠠᠷ ᠢᠶᠠᠨ ᠮᠤᠩᠭᠤᠯ ᠣᠯᠣᠰ ᠤᠨ ᠡᠮᠦᠨ᠎ᠡ ᠭᠤᠪᠢ ᠠᠶᠢᠮᠠᠭ ᠲᠡᠢ ᠬᠢᠯᠢ ᠵᠠᠯᠭᠠᠵᠦ ᠂ ᠬᠢᠯᠢ ᠶᠢᠨ ᠱᠤᠭᠤᠮ ᠨᠢ 103.129 ᠺᠢᠯᠦᠮᠸᠲ᠋ᠷ ᠂ ᠪᠦᠬᠦ ᠰᠣᠮᠣᠨ ᠣ ᠲᠠᠯᠠᠪᠡᠢ ᠨᠢ 6573 ᠲᠡᠭᠰᠢ ᠲᠥᠷᠪᠡᠯᠵᠢᠨ ᠺᠢᠯᠦᠮᠸᠲ᠋ᠷ ᠂ ᠠᠰᠢᠭᠯᠠᠵᠦ ᠪᠠᠶᠢᠭ᠎ᠠ ᠨᠤᠳᠤᠭ ᠪᠡᠯᠴᠢᠭᠡᠷ ᠤᠨ ᠲᠠᠯᠠᠪᠡᠢ ᠨᠢ 673 ᠲᠥᠮᠡᠨ ᠮᠤ ᠃ ᠢᠩᠭᠡᠨ ᠰᠣᠮᠣᠨ ᠣ ᠪᠠᠶᠢᠭᠠᠯᠢ ᠶᠢᠨ ᠣᠷᠴᠢᠨ ᠲᠤᠭᠤᠷᠢᠨ ᠬᠠᠳᠠᠭᠤ ᠰᠢᠷᠦᠬᠦᠨ ᠂ ᠭᠠᠩ ᠬᠠᠭᠰᠠᠷᠭᠠᠨ ᠶᠡᠬᠡ ᠂ ᠬᠤᠷ᠎ᠠ ᠪᠤᠷᠤᠭᠠᠨ ᠴᠦᠬᠡᠨ ᠂ ᠬᠢᠯᠢ ᠶᠢᠨ ᠲᠤᠳᠣᠷ᠎ᠠ ᠡᠯᠡᠰᠦ ᠮᠠᠩᠬ᠎ᠠ ᠂ ᠨᠠᠭᠤᠷ ᠂ ᠪᠤᠭᠤᠨᠢ ᠠᠭᠤᠯᠠ ᠂ ᠲᠤᠪᠤᠴᠠᠭ ᠂ ᠭᠤᠪᠢ ᠵᠡᠷᠭᠡ ᠪᠠᠷ ᠪᠦᠷᠢᠯᠳᠦᠪᠡ ᠃ ᠬᠠᠴᠢᠨ ᠴᠢᠯᠠᠭᠤᠨ ᠣ ᠡᠬᠢ ᠪᠠᠶᠠᠯᠢᠭ ᠡᠯᠪᠡᠭ ᠂ ᠠᠯᠠᠱᠠ ᠶᠢᠨ ᠮᠠᠨ᠎ᠠ ᠴᠢᠯᠠᠭᠤ ᠂ ᠭᠤᠪᠢ ᠶᠢᠨ ᠴᠢᠯᠠᠭᠤ ᠂ ᠦᠩᠭᠡᠳᠦ ᠬᠠᠰ ᠤᠨ ᠭᠤᠤᠯ ᠭᠠᠷᠣᠯᠳᠠ ᠶᠢᠨ ᠤᠷᠤᠨ ᠪᠤᠯᠤᠨ᠎ᠠ ᠃ ᠠᠭᠤᠷᠬᠠᠢ ᠶᠢᠨ ᠡᠬᠢ ᠪᠠᠶᠠᠯᠢᠭ ᠨᠢ ᠠᠯᠳᠠ ᠂ ᠵᠡᠰ ᠂ ᠪᠤᠷᠵᠢᠨ ᠴᠢᠯᠠᠭᠤ ᠵᠡᠷᠭᠡ ᠪᠠᠷ ᠭᠤᠤᠯᠯᠠᠵᠤ ᠂ ᠤᠷᠭᠤᠮᠠᠯ ᠤᠨ ᠡᠬᠢ ᠪᠠᠶᠠᠯᠢᠭ ᠨᠢ ᠴᠠᠭᠠᠨ ᠭᠤᠶᠤᠤ ᠂ ᠵᠠᠭ ᠂ ᠪᠦᠭᠡᠷᠡᠭ ᠵᠷᠬᠡ ᠪᠠᠷ ᠭᠤᠤᠯᠯᠠᠨ᠎ᠠ ᠃ ᠢᠩᠭᠡᠨ ᠰᠣᠮᠣ ᠨᠢ ᠨᠡᠶᠢᠳᠡ 294 ᠡᠷᠦᠬᠡ 844 ᠬᠦᠮᠦᠨ ᠠᠮᠠ ᠲᠡᠢ ᠂ ᠮᠤᠩᠭᠤᠯ ᠦᠨᠳᠦᠰᠦᠳᠡᠨ ᠨᠢ 797 ᠬᠦᠮᠦᠨ ᠂ ᠪᠦᠬᠦ ᠬᠦᠮᠦᠨ ᠠᠮᠠ ᠶᠢᠨ 85% ᠡᠵᠡᠯᠡᠵᠦ ᠂ ᠬᠢᠯᠢ ᠲᠠᠭᠤ ᠰᠠᠭᠤᠵᠦ ᠪᠠᠶᠢᠭ᠎ᠠ 11 ᠡᠷᠦᠬᠡ 49 ᠬᠦᠮᠦᠨ ᠲᠡᠢ ᠃ ᠰᠣᠮᠣᠨ ᠣ ᠨᠠᠮ ᠤᠨ ᠬᠤᠷᠢᠶ᠎ᠠ ᠨᠢ ᠲᠦᠷᠪᠡᠨ ᠨᠠᠮ ᠤᠨ ᠡᠬᠦᠷ ᠢᠶᠠᠷ ᠪᠦᠷᠢᠯᠳᠡᠵᠦ ᠂ ᠨᠡᠶᠢᠳᠡ 81 ᠨᠠᠮ ᠤᠨ ᠬᠡᠰᠢᠬᠦᠨ ᠲᠡᠢ ︵ ᠡᠬᠦᠨ ᠳ᠋ᠥ ᠰᠣᠮᠣᠨ ᠣ ᠪᠠᠶᠢᠭᠤᠯᠭ᠎ᠠ ᠶᠢᠨ ᠨᠠᠮ ᠤᠨ ᠡᠭᠦᠷ 22 ᠨᠠᠮ ᠤᠨ ᠬᠡᠰᠢᠬᠦᠨ ᠂ ᠲᠠᠯᠠᠨᠳᠦ᠍ᠷᠦᠬᠦᠦ ᠭᠠᠴᠠᠭᠠᠨ ᠣ ᠨᠠᠮ ᠤᠨ ᠡᠭᠦᠷ 16 ᠨᠠᠮ ᠤᠨ ᠬᠡᠰᠢᠬᠦᠨ ᠂ ᠴᠠᠭᠠᠨᠵᠠᠳᠠᠭᠠᠢ ᠭᠠᠴᠠᠭᠠᠨ ᠣ ᠨᠠᠮ ᠤᠨ ᠡᠭᠦᠷ 23 ᠨᠠᠮ ᠤᠨ ᠬᠡᠰᠢᠬᠦᠨ ᠂ ᠬᠦᠪᠡᠬᠡ ᠭᠠᠴᠠᠭᠠᠨ ᠣ ᠨᠠᠮ ᠤᠨ ᠡᠭᠦᠷ 20 ᠨᠠᠮ ᠤᠨ ᠬᠡᠰᠢᠬᠦᠨ ᠲᠡᠢ ︶ ᠂ ᠡᠭᠦᠨ ᠣ ᠲᠣᠳᠣᠷ᠎ᠠ ᠮᠤᠩᠭᠤᠯ ᠨᠠᠮ ᠤᠨ ᠬᠡᠰᠢᠬᠦᠨ 79 ᠬᠦᠮᠦᠨ ᠂ ᠮᠠᠯᠴᠢᠨ ᠨᠠᠮ ᠤᠨ ᠬᠡᠰᠢᠬᠦᠨ 58 ᠬᠦᠮᠦᠨ ᠃ ᠢᠩᠭᠡᠨ ᠰᠣᠮᠤ ᠨᠢ ᠴᠤᠯ ᠮᠠᠯᠵᠢᠬᠤ ᠰᠣᠮᠤ ᠂ 2015 ᠣᠨ ᠣ ᠵᠢᠯ ᠤᠨ ᠡᠴᠦᠰ ᠮᠠᠯ ᠤᠨ ᠲᠤᠭ᠎ᠠ ᠲᠤᠯᠤᠭᠠᠢ 39964 ᠳ᠋ᠥ ᠬᠦᠷᠴᠦ ᠂ ᠡᠬᠦᠨ ᠣ ᠲᠤᠳᠤᠷ᠎ᠠ ᠲᠡᠮᠡᠬᠡ ᠨᠢ 3372 ᠲᠤᠯᠤᠭᠠᠢ ᠶᠢ ᠡᠵᠡᠯᠡᠨ᠎ᠡ ᠃ 2015 ᠣᠨ ᠣ ᠡᠳ᠋ ᠶᠢᠨ ᠵᠠᠰᠠᠭ ᠤᠨ ᠣᠷᠣᠯᠭ᠎ᠠ ᠨᠢ 586 ᠲᠥᠮᠡᠨ ᠲᠥᠬᠦᠷᠢᠭ ᠳ᠋ᠥ ᠬᠦᠷᠴᠦ ᠂ ᠮᠠᠯᠴᠢᠳ ᠤᠨ ᠬᠦᠮᠦᠨ ᠪᠦᠷᠢ ᠶᠢᠨ ᠲᠡᠭᠰᠢᠳᠬᠡᠭᠰᠡᠨ ᠴᠡᠪᠡᠷ ᠤᠷᠤᠯᠭ᠎ᠠ ᠨᠢ 13098 ᠲᠦᠭᠦᠷᠢᠭ ᠳ᠋ᠥ ᠬᠦᠷᠦᠭᠰᠡᠨ ᠪᠠᠶᠢᠨ᠎ᠠ ᠃

ᠦᠯᠵᠡᠶᠢᠰᠠᠶᠢᠬᠠᠨ ᠭᠠᠴᠠᠭᠠᠨ ᠣ ᠲᠤᠶᠢᠮᠤ ᠪᠠᠶᠢᠳᠠᠯ
ᠦᠯᠵᠡᠶᠢᠰᠠᠶᠢᠬᠠᠨ ᠭᠡᠳᠡᠭ ᠨᠢ ᠦᠯᠵᠡᠢ ᠪᠡᠯᠭᠡ ᠲᠠᠢ ᠂ ᠭᠤᠶᠤ ᠰᠠᠶᠢᠬᠠᠨ ᠭᠡᠰᠡᠨ ᠤᠳᠬ᠎ᠠ ᠪᠠᠷ ᠨᠢ ᠪᠡᠯᠭᠡᠰᠢᠶᠡᠵᠥ ᠨᠡᠷᠡᠯᠡᠭᠰᠡᠨ ᠨᠡᠷᠡᠶᠢᠳᠦᠯ ᠶᠤᠮ ᠃ ᠭᠠᠴᠠᠭᠠᠨ ᠳ᠋ᠥ ᠪᠠᠶᠢᠭ᠎ᠠ ᠦᠯᠵᠠᠶᠢᠰᠠᠶᠢᠬᠠᠨ ᠠᠭᠤᠯᠨ ᠪᠠᠷ ᠨᠡᠷᠡᠯᠡᠭᠳᠡᠪᠡ ᠃ 1958 ᠤᠨ ᠳ᠋ᠥ ᠦᠯᠵᠡᠶᠢᠰᠦ᠍ᠮᠪᠦᠷ ᠠᠷᠠᠳ ᠤᠨ ᠭᠦᠡᠭᠱᠸ ᠪᠠᠶᠢᠭᠤᠯᠤᠭᠳᠠᠬᠤ ᠦᠶ᠎ᠠ ᠳ᠋ᠥ ᠂《 ᠦᠯᠵᠡᠶᠢᠰᠠᠶᠢᠬᠠᠨ ᠭᠠᠴᠠᠭ᠎ᠠ ᠪᠠᠶᠠᠨᠲᠠᠯ᠎ᠠ ᠥᠢᠯᠡᠳᠪᠥᠷᠢᠯᠡᠯ ᠤᠨ ᠶᠠᠭᠡ ᠪᠠᠷᠢᠭᠠᠲᠠ》ᠭᠡᠵᠤ ᠨᠡᠷᠡᠯᠡᠭᠳᠡᠵᠥ ᠂ 1980 ᠤᠨ ᠳ᠋ᠥ ᠦᠯᠵᠡᠶᠢᠰᠦ᠍ᠮᠪᠦᠷ ᠠᠷᠠᠳ ᠤᠨ ᠭᠦᠡᠭᠱᠸ ᠠᠴᠠ ᠥᠯᠵᠡᠢ ᠰᠣᠮᠣ ᠬᠡᠵᠤ ᠥᠭᠡᠷᠡᠴᠢᠯᠡᠬᠥ ᠶᠢ ᠲᠠᠭᠠᠯᠳᠤᠨ ᠭᠠᠴᠠᠭᠠᠨ ᠣ ᠨᠡᠷᠡᠶᠢᠳᠤᠯ ᠨᠢ ᠦᠯᠵᠡᠶᠢᠰᠠᠶᠢᠬᠠᠨ ᠭᠠᠴᠠᠭ᠎ᠠ ᠭᠡᠵᠦ ᠦᠭᠡᠷᠡᠴᠢᠯᠡᠭᠳᠡᠪᠡ ᠃
ᠦᠯᠵᠡᠶᠢᠰᠠᠶᠢᠬᠠᠨ ᠭᠠᠴᠠᠭ᠎ᠠ ᠨᠢ ᠦᠯᠵᠡᠢ ᠰᠤᠮᠤᠨ ᠣ ᠵᠡᠭᠦᠨ ᠡᠮᠦᠨ᠎ᠡ ᠭᠡᠰᠡᠭ ᠲᠤ ᠪᠠᠶᠢᠷᠢᠯᠠᠵᠥ ᠂ ᠡᠮᠦᠨᠡᠰᠢ ᠪᠠᠨ ᠪᠠᠶᠠᠨᠨᠢᠷᠤᠭᠤᠨ ᠰᠤᠮᠤ ᠲᠠᠢ ᠬᠦᠷᠰᠢᠯᠡᠵᠦ ᠂ ᠶᠡᠷᠦᠩᠭᠡᠢ ᠲᠠᠯᠠᠪᠠᠢ ᠨᠢ 807 ᠲᠡᠭᠰᠢ ᠲᠦᠷᠪᠡᠯᠵᠢᠨ ᠺᠢᠯᠤᠮᠧᠲ᠋ᠷ ᠪᠠᠶᠢᠵᠥ ᠂ ᠨᠡᠶᠢᠳᠡ ᠶᠢᠨ ᠠᠰᠢᠭᠳᠤ ᠤᠢ ᠶᠢᠨ ᠲᠠᠯᠠᠪᠠᠢ ᠨᠢ 68648 ᠮᠤ ᠪᠠᠶᠢᠵᠥ ᠂ 61 ᠡᠷᠦᠭᠡ 132 ᠬᠦᠮᠦᠨ ᠠᠮᠠ ᠲᠡᠢ ᠂ ᠮᠤᠩᠭᠤᠯ ᠦᠨᠳᠦᠰᠦᠳᠡᠨ ᠣ ᠬᠦᠮᠦᠨ ᠠᠮᠠ 66.4% ᠶᠢ ᠡᠵᠡᠯᠡᠵᠥ ᠪᠤᠢ ᠃ 2015 ᠤᠨ ᠣ ᠮᠠᠯ ᠠᠵᠥ ᠠᠬᠤᠢ ᠶᠢᠨ ᠶᠡᠷᠦᠩᠭᠡᠢ ᠦᠷᠳᠡᠭ 458.85 ᠲᠦᠮᠡᠨ ᠲᠦᠭᠦᠷᠢᠭ ᠲᠤ ᠭᠦᠷᠴᠦ ᠂ 2015 ᠤᠨ ᠣ 6 ᠰᠠᠷ᠎ᠠ ᠶᠢᠨ ᠡᠴᠤᠰ ᠤᠨ ᠮᠠᠯ ᠤᠨ ᠲᠤᠭ᠎ᠠ 5721 ᠬᠦᠷᠴᠦ ᠂ ᠡᠭᠦᠨ ᠣ ᠲᠤᠳᠤᠷ᠎ᠠ ᠲᠡᠮᠡᠭᠡ ᠨᠢ 450 ᠲᠤᠯᠤᠭᠠᠢ ᠳᠤ ᠬᠦᠷᠪᠡ ᠃ ᠦᠯᠵᠡᠶᠢᠰᠠᠶᠢᠬᠠᠨ ᠭᠠᠴᠠᠭ᠎ᠠ ᠨᠢ ᠤᠯᠠᠮᠵᠢᠯᠠᠯᠲᠤ ᠮᠠᠯ ᠠᠵᠤ ᠠᠬᠤᠢ ᠪᠠ ᠡᠯᠡᠰᠦᠨ ᠣ ᠦᠢᠯᠡᠰ ᠢᠶᠠᠷ ᠰᠠᠭᠤᠷᠢ ᠥᠢᠯᠡᠰ ᠪᠤᠯᠭᠠᠨ ᠂ ᠪᠤᠳᠠᠰ ᠤᠨ ᠭᠦᠢᠯᠭᠡᠭᠡ ᠂ ᠠᠷᠠᠯᠵᠢᠶ᠎ᠠ ᠬᠤᠳᠠᠯᠳᠥᠭᠠ ᠂ ᠵᠠᠮ ᠬᠠᠷᠢᠯᠴᠠᠭ᠎ᠠ ᠲᠡᠭᠡᠭᠡᠪᠦᠷᠢ ᠂ ᠬᠠᠴᠢᠨ ᠴᠢᠯᠠᠭᠤᠨ ᠣ ᠦᠢᠯᠡᠰ ᠂ ᠦᠢᠯᠡᠴᠢᠯᠡᠭᠡᠨ ᠣ ᠦᠢᠯᠡᠰ ᠢᠶᠠᠷ ᠨᠦᠭᠦᠪᠦᠷᠢ ᠪᠤᠯᠭᠠᠵᠤ ᠂ ᠭᠠᠴᠠᠭᠠᠨ ᠣ ᠠᠵᠤ ᠠᠬᠤᠢ ᠶᠢ ᠨᠡᠩ ᠲᠦᠷᠭᠡᠨ ᠨᠡᠩ ᠰᠠᠶᠢᠨ ᠢᠶᠠᠷ ᠬᠦᠭᠵᠢᠬᠦ ᠶᠢ ᠲᠦᠯᠬᠢᠨ ᠠᠬᠢᠭᠤᠯᠪᠠ ᠃
ᠦᠯᠵᠡᠶᠢᠰᠠᠶᠢᠬᠠᠨ ᠭᠠᠴᠠᠭ᠎ᠠ ᠭᠠᠵᠠᠷ ᠤᠷᠤᠨ ᠣ ᠲᠠᠪᠠᠭᠤᠯᠢᠭ ᠢᠶᠠᠨ ᠠᠰᠢᠭᠯᠠᠵᠤ ᠂ ᠠᠷᠠᠳ ᠲᠥᠮᠡᠨ ᠢ ᠬᠠᠴᠢᠨ ᠴᠢᠯᠠᠭᠤᠨ ᠣ ᠦᠢᠯᠡᠰ ᠂ ᠥᠨᠳᠤᠰᠥᠳᠡᠨ ᠣ ᠤᠨᠴᠠᠯᠢᠭ ᠲᠡᠢ ᠢᠳᠡᠭᠡᠨ ᠤᠮᠳᠠᠭᠠᠨ ᠣ ᠥᠢᠯᠡᠰ ᠵᠡᠷᠭᠡ ᠵᠠᠮ ᠳᠠᠭᠠᠤ ᠳᠡᠬᠢ ᠠᠵᠤ ᠠᠬᠤᠢ ᠬᠥᠭᠵᠢᠬᠥᠯᠬᠥ ᠶᠢ ᠵᠤᠷᠢᠭᠵᠢᠭᠤᠯᠵᠤ ᠂ ᠤᠳᠤ ᠭᠠᠴᠠᠭᠠᠨ ᠳᠤ ᠮᠠᠯᠴᠢᠳ ᠤᠨ ᠡᠷᠬᠢᠯᠡᠭᠰᠡᠨ ᠴᠢᠯᠠᠭᠤᠨ ᠣ ᠬᠤᠲᠠᠯᠳᠤᠭᠠᠨ ᠣ ᠲᠡᠯᠭᠡᠭᠥᠷ 9 ᠂ ᠥᠨᠳᠤᠰᠥᠳᠡᠨ ᠣ ᠤᠨᠴᠠᠯᠢᠭ ᠲᠡᠢ ᠢᠳᠡᠭᠡᠨ ᠤᠮᠳᠠᠭᠠᠨ ᠣ ᠬᠤᠭᠤᠯᠠᠨ ᠬᠡᠷ 12 ᠪᠠᠶᠢᠵᠤ ᠂ ᠭᠤᠤᠯᠳᠠᠭᠤ ᠵᠤᠭᠠᠴᠠᠭᠴᠢᠳ ᠂ ᠲᠡᠭᠡᠭᠡᠪᠥᠷᠢ ᠶᠢᠨ ᠮᠠᠰᠢᠨ ᠣ ᠵᠢᠯᠤᠭᠤᠴᠢ ᠵᠡᠷᠬᠡ ᠬᠥᠮᠥᠰ ᠲᠣ ᠦᠢᠯᠡᠴᠢᠯᠡᠨ ᠂ ᠭᠤᠷᠪᠡᠳᠤᠭᠠᠷ ᠠᠵᠤ ᠦᠢᠯᠡᠰ ᠤᠨ ᠬᠦᠭᠵᠢᠯᠲᠡ ᠨᠢ ᠥᠯᠵᠡᠶᠢᠰᠡᠶᠢᠬᠠᠨ ᠭᠠᠴᠠᠭᠠᠨ ᠣ ᠮᠠᠯᠴᠢᠳ ᠲᠣ ᠲᠤᠭᠳᠠᠪᠤᠷᠢᠲᠠᠢ ᠤᠷᠤᠯᠭ᠎ᠠ ᠶᠢ ᠤᠯᠭᠤᠪᠠ ᠃

ᠱᠠᠷᠽᠠ ᠭᠠᠴᠠᠭᠠᠨ ᠣ ᠲᠤᠶᠢᠮᠤ ᠪᠠᠶᠢᠳᠠᠯ
ᠱᠠᠷᠽᠠ ᠭᠡᠳᠡᠭ ᠨᠢ ᠲᠦᠪᠡᠳ ᠦᠭᠡ ᠂ ᠲᠠᠷᠤᠢ ᠮᠠᠨᠤ ᠴᠢᠯᠠᠭᠤ ᠭᠡᠰᠡᠨ ᠤᠳᠬ᠎ᠠ ᠲᠠᠢ ᠃ 1958 ᠤᠨ ᠳ᠋ᠥ ᠦᠯᠵᠡᠶᠢᠰᠦ᠍ᠮᠪᠦᠷ ᠠᠷᠠᠳ ᠤᠨ ᠭᠦᠩᠱᠸ ᠪᠠᠶᠢᠭᠤᠯᠤᠭᠳᠠᠬᠤ ᠦᠶ᠎ᠡ ᠳ᠋ᠥ ᠱᠠᠷᠽᠠ ᠭᠠᠴᠠᠭᠠᠨ ᠣ ᠨᠡᠷ᠎ᠡ ᠨᠢ《 ᠴᠠᠭᠠᠨᠵᠠᠳᠠᠭᠠᠢ ᠪᠠᠷᠢᠭᠠᠳᠠ》ᠭᠡᠳᠡᠭ ᠂ 1980 ᠤᠨ ᠳ᠋ᠥ ᠦᠯᠵᠡᠶᠢᠰᠦ᠍ᠮᠪᠦᠷ ᠠᠷᠠᠳ ᠤᠨ ᠭᠦᠩᠱᠸ ᠶᠢ ᠦᠯᠵᠡᠢ ᠰᠤᠮᠤ ᠭᠡᠵᠦ ᠦᠭᠡᠷᠡᠴᠢᠯᠡᠬᠦ ᠦᠶ᠎ᠡ ᠳ᠋ᠥ ᠂ ᠲᠤᠰ ᠭᠠᠴᠠᠭᠠᠨ ᠣ ᠨᠡᠷ᠎ᠡ ᠶᠢ ᠳᠠᠭᠠᠯᠳᠤᠭᠤᠯᠤᠨ《 ᠱᠠᠷᠽᠠ ᠭᠠᠴᠠᠭ᠎ᠠ 》ᠭᠡᠵᠦ ᠦᠭᠡᠷᠡᠴᠢᠯᠡᠪᠡ ᠃
ᠲᠤᠰ ᠭᠠᠴᠠᠭ᠎ᠠ ᠨᠢ ᠦᠯᠵᠡᠢ ᠰᠤᠮᠤᠨ ᠣ ᠪᠠᠷᠠᠭᠤᠨ ᠡᠮᠦᠨ᠎ᠠ ᠭᠡᠰᠡᠭ ᠲᠤ ᠪᠠᠶᠢᠷᠢᠯᠠᠵᠥ ᠂ ᠪᠠᠷᠠᠭᠤᠨᠰᠢ ᠪᠠᠨ ᠠᠯᠠᠱᠠ ᠪᠠᠷᠠᠭᠤᠨ ᠬᠤᠰᠢᠭᠤᠨ ᠣ ᠠᠯᠳᠠᠨᠠᠤᠪᠤᠭᠠ ᠪᠠᠯᠭᠠᠰᠦ ᠲᠠᠢ ᠬᠦᠷᠰᠢᠯᠡᠵᠦ ᠂ ᠶᠡᠷᠦᠩᠭᠡᠢ ᠲᠠᠯᠠᠪᠠᠢ ᠨᠢ 713 ᠲᠡᠭᠰᠢ ᠲᠦᠷᠪᠡᠯᠵᠢᠨ ᠺᠢᠯᠤᠮᠧᠲ᠋ᠷ ᠂ ᠠᠰᠢᠭᠯᠠᠵᠤ ᠪᠤᠯᠬᠤ ᠪᠡᠯᠴᠢᠭᠡᠷ ᠤᠨ ᠲᠠᠯᠠᠪᠠᠢ ᠨᠢ 700 ᠲᠡᠭᠰᠢ ᠲᠦᠷᠪᠡᠯᠵᠢᠨ ᠺᠢᠯᠤᠮᠧᠲ᠋ᠷ ᠂ ᠡᠭᠦᠨ ᠣ ᠲᠤᠮᠳᠠ ᠨᠡᠶᠢᠳᠡ ᠶᠢᠨ ᠠᠰᠢᠭᠳᠤ ᠤᠢ ᠶᠢᠨ ᠲᠠᠯᠠᠪᠠᠢ ᠨᠢ 144326 ᠮᠤ ᠪᠠᠶᠢᠵᠥ ᠂ ᠶᠡᠷᠥᠩᠬᠡᠢ ᠬᠦᠮᠦᠨ ᠠᠮᠠ ᠨᠢ 56 ᠡᠷᠦᠭᠡ 153 ᠬᠦᠮᠦᠨ ᠲᠠᠢ ᠂ ᠡᠭᠦᠨ ᠳ᠋ᠥ ᠮᠤᠩᠭᠤᠯ ᠦᠨᠳᠦᠰᠦᠳᠡᠨ ᠣ ᠬᠦᠮᠦᠨ ᠠᠮᠠ 69.5 % ᠶᠢ ᠡᠵᠡᠯᠡᠵᠥ ᠪᠤᠢ ᠃ 2015 ᠤᠨ ᠣ ᠮᠠᠯ ᠠᠵᠥ ᠠᠬᠤᠢ ᠶᠢᠨ ᠶᠡᠷᠦᠩᠭᠡᠢ ᠦᠷᠳᠡᠭ 325.25 ᠲᠦᠮᠡᠨ ᠲᠦᠭᠦᠷᠢᠭ ᠲᠤ ᠭᠦᠷᠴᠦ ᠂ 2015 ᠤᠨ ᠣ 12 ᠰᠠᠷ᠎ᠠ ᠶᠢᠨ ᠡᠴᠤᠰ ᠤᠨ ᠮᠠᠯ ᠤᠨ ᠲᠤᠭ᠎ᠠ ᠲᠤᠯᠤᠭᠠᠢ 8194 ᠳ᠋ᠥ ᠬᠦᠷᠴᠦ ᠂ ᠡᠭᠦᠨ ᠣ ᠲᠤᠳᠤᠷ᠎ᠠ ᠲᠡᠮᠡᠭᠡ ᠨᠢ 855 ᠲᠤᠯᠤᠭᠠᠢ ᠳᠤ ᠬᠦᠷᠪᠡ ᠃ ᠱᠠᠷᠽᠠ ᠭᠠᠴᠠᠭ᠎ᠠ ᠤᠯᠠᠮᠵᠢᠯᠠᠯᠲᠤ ᠮᠠᠯ ᠠᠵᠤ ᠠᠬᠤᠢ ᠪᠠᠨ ᠦᠷᠭᠦᠯᠵᠢᠯᠡᠨ ᠬᠦᠭᠵᠢᠬᠦᠯᠬᠦ ᠶᠢᠨ ᠳᠠᠭᠠᠤ ᠂ ᠵᠠᠭ ᠂ ᠴᠠᠭᠠᠨ ᠭᠤᠶᠤᠤ ᠂ ᠤᠯᠠᠭᠠᠨ ᠭᠤᠶᠤᠤ ᠲᠠᠷᠢᠬᠤ ᠵᠡᠷᠭᠡ ᠡᠯᠡᠰᠦᠨ ᠠᠵᠤ ᠦᠢᠯᠡᠰ ᠢ ᠶᠡᠬᠡ ᠬᠦᠴᠦᠨ ᠢᠶᠠᠷ ᠲᠦᠯᠬᠢᠨ ᠠᠬᠢᠭᠤᠯᠵᠤ ᠂ ᠬᠠᠴᠢᠨ ᠴᠢᠯᠠᠭᠤᠨ ᠣ ᠦᠢᠯᠡᠰ ᠂ ᠱᠠᠷᠽᠠ ᠶᠢᠨ ᠰᠦᠮ᠎ᠡ ᠶᠢᠨ ᠵᠢᠭᠤᠯᠴᠢᠯᠠᠯ ᠤᠨ ᠦᠢᠯᠡᠰ ᠪᠠ ᠵᠠᠮ ᠳᠠᠭᠠᠤ ᠳᠡᠬᠢ ᠭᠤᠷᠪᠠᠳᠤᠭᠠᠷ ᠠᠵᠤ ᠦᠢᠯᠡᠰ ᠢ ᠬᠦᠭᠵᠢᠬᠦᠯᠵᠦ ᠂ ᠮᠠᠯᠴᠢᠳ ᠤᠨ ᠠᠮᠢᠳᠣᠷᠠᠯ ᠤᠨ ᠬᠢᠷᠢ ᠲᠦᠪᠰᠢᠨ ᠪᠠ ᠭᠠᠴᠠᠭᠠᠨ ᠣ ᠲᠦᠷᠢ ᠲᠦᠷᠬᠦ ᠶᠢ ᠰᠢᠨ᠎ᠡ ᠨᠢᠭᠡᠨ ᠱᠠᠲᠤᠨ ᠳ᠋ᠥ ᠬᠦᠷᠭᠡᠬᠦ ᠪᠠᠷ ᠴᠢᠷᠮᠠᠶᠢᠵᠤ ᠪᠠᠶᠢᠨ᠎ᠠ ᠃
ᠱᠠᠷᠽᠠ ᠭᠠᠴᠠᠭ᠎ᠠ ᠲᠤᠬᠠᠢ ᠶᠢᠨ ᠭᠠᠵᠠᠷ ᠤᠨ ᠪᠠᠶᠢᠭᠠᠯᠢ ᠂ ᠤᠷᠤᠨ ᠪᠠᠶᠢᠷᠢᠰᠢᠯ ᠪᠠ ᠦᠢᠯᠡᠳᠪᠦᠷᠢᠯᠡᠯ ᠤᠨ ᠬᠦᠭᠵᠢᠯᠲᠡ ᠵᠡᠷᠭᠡ ᠪᠤᠳᠠᠳᠤ ᠪᠠᠶᠢᠳᠠᠯ ᠳ᠋ᠥ ᠵᠤᠬᠢᠴᠠᠵᠤ ᠂ ᠠᠵᠤ ᠠᠬᠤᠢ ᠶᠢᠨ ᠬᠦᠭᠵᠢᠯᠲᠡ ᠶᠢᠨ ᠬᠡᠯᠪᠡᠷᠢ ᠪᠠᠨ ᠡᠯᠡᠰᠦᠨ ᠠᠵᠤ ᠦᠢᠯᠡᠰ ᠵᠦᠭ ᠰᠢᠯᠵᠢᠭᠦᠯᠵᠦ ᠂ ᠤᠯᠠᠮᠵᠢᠯᠠᠯᠲᠤ ᠮᠠᠯ ᠠᠵᠤ ᠠᠬᠤᠢ ᠪᠠᠷ ᠦᠨᠳᠦᠰᠦᠨ ᠪᠠᠲᠤᠯᠠᠭ᠎ᠠ ᠪᠤᠯᠭᠠᠨ ᠂ ᠬᠦᠮᠦᠨ ᠣ ᠬᠦᠴᠦ ᠪᠠᠷ ᠵᠠᠭ ᠂ ᠴᠠᠭᠠᠨ ᠭᠤᠶᠤᠤ ᠲᠠᠷᠢᠵᠦ ᠪᠤᠶᠢᠵᠢᠭᠤᠯᠬᠤ ᠶᠢ ᠲᠠᠰᠣᠷᠠᠯᠲᠠ ᠦᠬᠡᠢ ᠰᠦᠪᠡᠭᠴᠢᠯᠡᠵᠦ ᠂ 2010 ᠤᠨ ᠠᠴᠠ ᠡᠬᠢᠯᠡᠵᠦ ᠬᠦᠮᠦᠨ ᠣ ᠬᠦᠴᠦ ᠪᠠᠷ 4000 ᠮᠤ ᠵᠠᠭ ᠲᠠᠷᠢᠵᠤ ᠂ ᠤᠳᠤ ᠨᠢᠭᠡᠨᠲᠡ 2 ᠲᠦᠮᠡᠨ ᠮᠣ ᠵᠠᠭ ᠤᠨ ᠤᠢ ᠂ ᠪᠦᠭᠡᠷᠭᠡ ᠵᠡᠷᠭᠡ ᠤᠷᠭᠤᠮᠠᠯ ᠤᠨ ᠬᠤᠴᠢᠯᠭ᠎ᠠ ᠶᠢᠨ ᠡᠬᠢ ᠪᠠᠶᠠᠯᠢᠭ ᠲᠠᠢ ᠪᠤᠯᠵᠠᠢ ᠃ ᠮᠠᠯᠴᠢᠳ ᠨᠢ ᠤᠯᠠᠮᠵᠢᠯᠠᠯᠲᠤ ᠲᠡᠵᠢᠭᠡᠨ ᠦᠷᠡᠵᠢᠭᠦᠯᠬᠦ ᠦᠵᠡᠯᠲᠡ ᠪᠠ ᠬᠦᠭᠵᠢᠯᠲᠡ ᠶᠢᠨ ᠬᠡᠯᠪᠡᠷᠢ ᠪᠠᠨ ᠬᠤᠪᠢᠷᠠᠭᠤᠯᠵᠤ ᠂ ᠤᠷᠤᠯᠭ᠎ᠠ ᠶᠢᠨ ᠠᠷᠭ᠎ᠠ ᠵᠠᠮ ᠢᠶᠠᠨ ᠦᠷᠭᠡᠳᠬᠡᠪᠡ ᠃

ᠦᠨᠳᠦᠷᠮᠥᠳᠦ ᠭᠠᠴᠠᠭᠠᠨ ᠣ ᠲᠤᠶᠢᠮᠤ ᠪᠠᠶᠢᠳᠠᠯ
1958 《 》 1980 《 》
85 6187 129367 149 352 93.2 % 9 2
2013 354 2360 43

ᠦᠯᠵᠠᠢ ᠰᠤᠮᠥᠨ ᠣ ᠲᠥᠢᠮᠤ ᠪᠠᠶᠢᠳᠠᠯ
1958 85 7707 3 85 451 1047 252 660 82 %
270
ᠳᠣᠮᠳᠠᠳᠣ ᠣᠯᠣᠰ ᠤᠨ ᠡᠪ ᠬᠠᠮᠳᠣ ᠨᠠᠮ ᠤᠨ ᠠᠯᠠᠱᠠ ᠵᠡᠭᠥᠨ ᠬᠣᠰᠢᠭᠣᠨ ᠤ ᠠᠷᠪᠠᠨ ᠭᠣᠷᠪᠠᠳᠣᠭᠠᠷ ᠤᠳᠠᠭᠠᠨ ᠤ ᠲᠥᠯᠥᠭᠡᠯᠡᠭᠴᠢᠳ ᠤᠨ ᠶᠡᠬᠡ ᠬᠣᠷᠠᠯ ᠳᠡᠭᠡᠷᠡᠬᠢ ᠮᠡᠳᠡᠭᠦᠯᠦᠯᠲᠡ
2016 8 25
:
69.7 113.3 11% 500 43.3 125 23.6% 4.3 7.3 11.3% 23.5 43.7 13.2% 70% 11.4% 28.3% 6.6 : 64.1 : 29.3 5.9 :59.9:34.2
116.2 75% 35.8% 29.5 1607 7228 18% 12.5%
6
4.15
86 63.7 % 22 9217 8742 32037 14813 11% 15.9%
1 + 3
2014 15494